ᠲᠡᠷᠢᠭᠦᠨ ᠬᠠᠭᠤᠳᠠᠰᠤ   -   ᠵᠢᠷᠤᠭᠲᠤ᠌ ᠮᠡᠳᠡᠭᠡ
ᠬᠤᠪᠢᠯᠭ᠋ᠠᠨ ᠣᠩᠭᠣᠴᠠ ᠬᠣᠷᠢᠳᠤᠭ᠋ᠠᠷ᠎ᠢ 4 ᠳ᠋ᠦ᠍ᠭᠡᠷ ᠰᠠᠷ᠎ᠠ ᠵᠢᠨ 24᠎ᠤ ᠡᠳᠦᠷ᠎ᠤᠨ 17 ᠴᠠᠭ 17 ᠮᠢᠨᠦ᠋ᠲ᠎ᠲᠤ ᠬᠠᠷᠪᠤᠬᠤ᠎ᠪᠠᠷ ᠲᠣᠭᠲᠠᠪᠠ! ᠡᠳᠡᠭᠡᠷ ᠰᠠᠨᠰᠠᠷᠴᠢᠳ ᠪᠣᠢ
ᠨᠡᠶ᠋ᠢᠲᠡᠯᠡᠭᠰᠡᠨ ᠴᠠᠭ᠄ 2025-04-24

  4 ᠳ᠋ᠦ᠍ᠭᠡᠷ ᠰᠠᠷ᠎ᠠ ᠵᠢᠨ 23᠎ᠤ ᠡᠳᠦᠷ᠂ ᠬᠤᠪᠢᠯᠭ᠋ᠠᠨ ᠣᠩᠭᠣᠴᠠ ᠬᠣᠷᠢᠳᠤᠭ᠋ᠠᠷ ᠬᠥᠮᠥᠨ ᠰᠠᠭᠤᠯᠭ᠋ᠠᠭᠰᠠᠨ ᠨᠢᠰᠬᠦ ᠣᠩᠭᠣᠴᠠ ᠵᠢᠨ ᠨᠢᠰᠦᠯᠲᠡ ᠵᠢᠨ ᠡᠭᠦᠷᠭᠡ ᠵᠢᠨ ᠰᠣᠨᠢᠨ ᠮᠡᠳᠡᠭᠡ ᠨᠡᠢ᠌ᠲᠡᠯᠡᠬᠦ ᠬᠤᠷᠠᠯ ᠬᠤᠷᠠᠯᠳᠤᠭᠤᠯᠵᠤ᠂ ᠬᠤᠪᠢᠯᠭ᠋ᠠᠨ ᠣᠩᠭᠣᠴᠠ ᠬᠣᠷᠢᠳᠤᠭ᠋ᠠᠷ᠎ᠢ 4 ᠳ᠋ᠦ᠍ᠭᠡᠷ ᠰᠠᠷ᠎ᠠ ᠵᠢᠨ 24᠎ᠤ ᠡᠳᠦᠷ᠎ᠤᠨ 17 ᠴᠠᠭ 17 ᠮᠢᠨᠦ᠋ᠲ᠎ᠲᠤ ᠬᠠᠷᠪᠤᠬᠤ᠎ᠪᠠᠷ ᠲᠣᠭᠲᠠᠪᠠ᠃

   ᠬᠤᠪᠢᠯᠭ᠋ᠠᠨ ᠣᠩᠭᠣᠴᠠ ᠬᠣᠷᠢᠳᠤᠭ᠋ᠠᠷ ᠬᠥᠮᠥᠨ ᠰᠠᠭᠤᠯᠭ᠋ᠠᠭᠰᠠᠨ ᠨᠢᠰᠦᠯᠲᠡ ᠵᠢᠨ ᠡᠭᠦᠷᠭᠡ ᠵᠢᠨ ᠰᠠᠨᠰᠠᠷᠴᠢᠳ᠎ᠤᠨ ᠳᠤᠭᠤᠢ᠌ᠯᠠᠩ᠎ᠨᠢ ᠴᠧᠨ ᠳ᠋ᠦᠩ᠂ ᠴᠧᠨ ᠵᠥᠩ ᠷᠦᠢ᠂ ᠸᠠᠩ ᠵᠢᠶᠧ᠎ᠪᠠᠷ ᠪᠦᠷᠢᠯᠳᠦᠵᠦ᠂ ᠴᠧᠨ ᠳ᠋ᠦᠩ ᠵᠢᠯᠣᠭᠣᠳᠤᠭᠴᠢ ᠳᠠᠷᠤᠭ᠎ᠠ ᠵᠢᠨ ᠲᠤᠰᠢᠶᠠᠯ᠎ᠢ ᠡᠭᠦᠷᠭᠡᠯᠡᠨ᠎ᠡ᠃ ᠳᠤᠭᠤᠢ᠌ᠯᠠᠩ᠎ᠳᠤ ᠰᠠᠨᠰᠠᠷ ᠠᠶᠠᠯᠠᠯ᠎ᠤᠨ ᠵᠢᠯᠣᠭᠣᠳᠤᠭᠴᠢ 2 ᠂ ᠨᠢᠰᠦᠯᠲᠡ ᠵᠢᠨ ᠢᠨᠵᠧᠨᠧᠷ 1 ᠪᠠᠢ᠌ᠵᠤ᠂ ᠴᠧᠨ ᠳ᠋ᠦᠩ ᠤᠳᠠᠯ ᠦᠭᠡᠢ ᠬᠣᠶᠠᠳᠠᠭᠴᠢ ᠪᠦᠯᠦᠭ᠎ᠤᠨ ᠰᠠᠨᠰᠠᠷᠴᠢᠨ ᠳᠣᠲᠣᠷᠠᠬᠢ 3 ᠤᠳᠠᠭ᠎ᠠ ᠰᠠᠨᠰᠠᠷ ᠵᠶ᠋ᠠᠷ ᠠᠶᠠᠯᠠᠭᠰᠠᠨ ᠠᠩᠬᠠᠳᠠᠭᠴᠢ ᠰᠠᠨᠰᠠᠷᠴᠢᠨ ᠪᠣᠯᠬᠤ ᠭᠡᠵᠦ ᠪᠠᠢ᠌ᠨ᠎ᠠ᠂ ᠴᠧᠨ ᠵᠥᠩ ᠷᠦᠢ᠂ ᠸᠠᠩ ᠵᠢᠶᠧ᠎ᠨᠢ ᠴᠥᠮ ᠭᠤᠷᠪᠠᠳᠠᠭᠴᠢ ᠪᠦᠯᠦᠭ᠎ᠤᠨ ᠰᠠᠨᠰᠠᠷᠴᠢᠨ ᠪᠠᠢ᠌ᠵᠤ᠂ ᠬᠤᠪᠢ ᠬᠥᠮᠥᠨ᠎ᠤ ᠠᠩᠬᠠᠳᠠᠭᠴᠢ ᠰᠠᠨᠰᠠᠷ ᠠᠶᠠᠯᠠᠯ ᠵᠶ᠋ᠠᠨ ᠡᠬᠢᠯᠡᠭᠦᠯᠬᠦ ᠭᠡᠵᠦ ᠪᠠᠢ᠌ᠨ᠎ᠠ᠃


1.jpg


2.jpg


3.jpg


 

 

ᠢᠷᠡᠯᠲᠡ᠄ ᠥᠪᠥᠷ ᠮᠣᠩᠭᠣᠯ᠎ᠤᠨ ᠵᠠᠰᠠᠭ᠎ᠤᠨ ᠣᠷᠳᠣᠨ᠎ᠤ ᠠᠯᠪᠠᠨ ᠨᠡᠢ᠌ᠲᠡᠯᠡᠯ
Baidu
map