ᠡᠯ᠎ᠠ ᠮᠣᠵᠢ᠂ ᠦᠪᠡᠷᠲᠡᠭᠡᠨ ᠵᠠᠰᠠᠬᠤ ᠣᠷᠣᠨ᠂ ᠰᠢᠭᠤᠳ ᠬᠠᠷᠢᠶ᠎ᠠ ᠬᠤᠲᠠ ᠶᠢᠨ ᠠᠷᠠᠳ ᠤᠨ ᠵᠠᠰᠠᠬ ᠤᠨ ᠣᠷᠲᠣᠨ᠂ | ᠲᠦᠷᠦ ᠶᠢᠨ ᠶᠠᠪᠣᠲᠠᠯ ᠤᠨ ᠬᠤᠷᠢᠶ᠎ᠠ ᠶᠢᠨ ᠡᠯ᠎ᠠ ᠶᠠᠮᠣᠨ ᠵᠦᠪᠯᠡᠯ᠂ ᠡᠯ᠎ᠠ ᠰᠢᠭᠤᠳ ᠬᠠᠷᠢᠶ᠎ᠠ ᠪᠠᠶᠢᠭᠤᠯᠤᠮᠵᠢ᠄ | ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠠᠵᠦ ᠦᠢᠯᠡᠰ ᠪᠣᠯ ᠪᠡᠶ᠎ᠡ ᠶᠢᠨ ᠲᠠᠮᠢᠷ ᠤᠨ ᠠᠵᠦ ᠦᠢᠯᠡᠰ ᠤᠨ | ᠴᠢᠬᠤᠯᠠ ᠪᠦᠷᠢᠯᠲᠦᠬᠦᠨ ᠬᠡᠰᠡᠭ ᠮᠦᠨ᠂ ᠲᠡᠷᠡ ᠨᠢ ᠪᠡᠶ᠎ᠡ ᠶᠢᠨ ᠲᠠᠮᠢᠷ ᠤᠨ ᠬᠦᠲᠡᠯᠭᠡᠭᠡᠨ ᠢᠶᠠᠷ ᠠᠴᠢᠶᠠᠯᠠᠪᠣᠷᠢ | ᠪᠣᠯᠭᠠᠵᠤ᠂ ᠪᠡᠶᠡᠴᠢᠯᠡᠨ ᠣᠷᠣᠯᠴᠠᠵᠦ ᠤᠶᠢᠯᠠᠭᠠᠬᠤ ᠪᠠᠷ ᠭᠤᠣᠯ ᠬᠡᠯᠪᠡᠷᠢ ᠪᠣᠯᠭᠠᠵᠦ᠂ ᠪᠡᠶ᠎ᠡ ᠰᠡᠳᠬᠢᠴᠡ ᠶᠢᠨ ᠡᠷᠡᠬᠦᠯ | ᠮᠡᠨᠲᠦ ᠶᠢ ᠠᠬᠢᠭᠤᠯᠬᠤ ᠪᠠᠷ ᠬᠠᠷᠠᠯᠲᠠ ᠪᠣᠯᠭᠠᠵᠤ᠂ ᠣᠯᠠᠨ ᠲᠦᠮᠡᠨ ᠳᠤ ᠬᠠᠮᠢᠶ᠎ᠠ ᠪᠦᠬᠦᠢ ᠦᠢᠯᠡᠳᠬᠦᠨ ᠪᠠ | ᠦᠢᠯᠡᠴᠢᠯᠡᠭᠡ ᠬᠠᠩᠭᠠᠳᠠᠭ ᠠᠵᠦ ᠠᠬᠤᠢ ᠶᠢᠨ ᠰᠢᠷᠢᠰ ᠠᠵᠢᠯᠯᠠᠭ᠎ᠠ ᠪᠠᠶᠢᠵᠤ᠂ ᠪᠡᠶ᠎ᠡ ᠴᠢᠬᠢᠷᠠᠬᠵᠢᠭᠤᠯᠬᠤ | ᠦᠢᠯᠡᠴᠢᠯᠡᠭᠡ᠂ ᠲᠣᠨᠤᠬ ᠲᠦᠬᠦᠭᠡᠷᠦᠮᠵᠢ ᠶᠢᠨ ᠪᠠᠶᠢᠭᠤᠯᠣᠯᠲᠠ᠂ ᠪᠠᠭᠠᠵᠢ ᠲᠣᠨᠣᠬᠯᠠᠯ ᠦᠢᠯᠡᠳᠬᠦ ᠵᠡᠷᠭᠡ ᠠᠵᠢᠯ | ᠲᠦᠷᠦᠯ ᠢ ᠬᠠᠮᠣᠷᠲᠠᠭ᠃ ᠣᠲᠣᠬᠠᠨ ᠳᠤ᠂ ᠮᠠᠨ ᠤ ᠣᠯᠣᠰ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠡᠶᠡᠯᠡᠬᠦᠯᠬᠦ | ᠵᠠᠩᠬᠢᠯᠠᠭ᠎ᠠ ᠶᠢᠨ ᠱᠠᠲᠣᠨ ᠳᠤ ᠣᠷᠣᠵᠣ᠂ ᠠᠷᠠᠳ ᠣᠯᠠᠨ ᠤ ᠣᠯᠠᠨ ᠶᠠᠩᠵᠣᠲᠣ ᠪᠡᠶ᠎ᠡ ᠶᠢᠨ ᠲᠠᠮᠢᠷ ᠤᠨ ᠬᠡᠷᠡᠭᠴᠡᠭᠡ | ᠱᠠᠭᠠᠷᠲᠠᠯᠭ᠎ᠠ ᠡᠳᠦᠷ ᠲᠣᠲᠣᠮ ᠨᠡᠮᠡᠭᠲᠡᠵᠦ᠂ ᠬᠡᠷᠡᠭᠯᠡᠭᠡ ᠶᠢᠨ ᠬᠡᠯᠪᠡᠷᠢ ᠨᠢ ᠠᠭᠠᠵᠢᠮ ᠢᠶᠠᠷ ᠪᠣᠲᠠᠲᠣ ᠡᠳ᠋ ᠮᠠᠶ᠋ᠢᠬ ᠤᠨ | ᠬᠡᠷᠡᠭᠯᠡᠭᠡ ᠠᠴᠠ ᠤᠷᠤᠯᠴᠠᠬᠤᠢ ᠮᠠᠶ᠋ᠢᠬ ᠤᠨ ᠬᠡᠷᠡᠭᠯᠡᠭᠡ ᠲᠡᠰᠢ ᠰᠢᠯᠵᠢᠵᠦ᠂ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ | ᠠᠵᠦ ᠦᠢᠯᠡᠰ ᠲᠤ ᠯᠣᠲᠣ ᠶᠡᠭᠡ ᠬᠦᠭᠵᠢᠯᠲᠡ ᠶᠢᠨ ᠠᠵᠠ ᠲᠣᠬᠢᠶᠠᠯ ᠠᠪᠴᠢᠷᠠᠬᠰᠠᠨ ᠪᠠᠶᠢᠨ᠎ᠠ᠃ ᠬᠡᠪᠡᠴᠦ | ᠣᠲᠣᠬᠠᠨ ᠳᠤ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠠᠵᠦ ᠦᠢᠯᠡᠰ ᠤᠨ ᠶᠡᠷᠦᠩᠭᠡᠢ ᠬᠡᠪᠴᠢᠶ᠎ᠠ ᠪᠠᠭ᠎ᠠ᠂ ᠠᠵᠦ | ᠦᠢᠯᠡᠰ ᠤᠨ ᠪᠦᠲᠦᠴᠡ ᠲᠡᠩᠴᠡᠬᠦᠷᠢᠲᠡᠢ ᠪᠣᠰᠣ ᠪᠠᠶᠢᠵᠦ᠂ ᠪᠦᠲᠦᠮᠵᠢᠲᠡᠢ ᠬᠠᠩᠭᠠᠯᠭ᠎ᠠ ᠬᠡᠷᠡᠭᠯᠡᠭᠡ ᠬᠦᠢᠴᠡᠳ ᠦᠭᠡᠢ᠂ | ᠣᠯᠠᠨ ᠲᠦᠮᠡᠨ ᠤ ᠬᠡᠷᠡᠭᠯᠡᠭᠡ ᠶᠢᠨ ᠣᠷᠮᠠᠰᠢᠯ ᠲᠣᠣᠷ᠎ᠠ᠂ ᠰᠠᠭᠤᠷᠢ ᠲᠦᠬᠦᠭᠡᠷᠦᠮᠵᠢ ᠶᠢᠨ ᠪᠠᠶᠢᠭᠤᠯᠣᠯᠲᠠ | ᠬᠤᠴᠣᠷᠣᠩᠭᠤᠢ᠂ ᠪᠠᠭᠠᠵᠢ ᠲᠣᠨᠣᠬᠯᠠᠯ ᠤᠨ ᠦᠢᠯᠡᠳᠬᠦᠨ ᠬᠤᠴᠣᠷᠣᠩᠭᠤᠢ᠂ ᠪᠠᠶᠢᠭᠤᠯᠣᠮᠵᠢ ᠲᠣᠬᠲᠠᠴᠠ ᠠᠮᠢᠲᠣᠯᠢᠬ | ᠪᠣᠰᠣ ᠵᠡᠷᠭᠡ ᠠᠰᠠᠭᠤᠲᠠᠯ ᠣᠷᠣᠰᠢᠵᠦ ᠪᠣᠢ᠃ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠠᠵᠦ ᠦᠢᠯᠡᠰ ᠢ | ᠲᠦᠷᠭᠡᠳᠭᠡᠨ ᠬᠦᠭᠵᠢᠬᠦᠯᠬᠦ ᠪᠣᠯ ᠪᠡᠶ᠎ᠡ ᠶᠢᠨ ᠲᠠᠮᠢᠷ ᠤᠨ ᠠᠵᠦ ᠦᠢᠯᠡᠰ ᠢ ᠬᠦᠨᠵᠡᠭᠡᠶᠢᠷᠡᠬᠦᠯᠦᠨ ᠬᠦᠭᠵᠢᠬᠦᠯᠬᠦ | ᠬᠦᠴᠦᠲᠦ ᠬᠦᠲᠡᠯᠭᠡᠬᠦᠷ ᠪᠤᠯᠠᠬᠤ ᠪᠦᠭᠡᠳ ᠠᠷᠠᠳ ᠢᠷᠭᠡᠳ ᠤᠨ ᠪᠡᠶ᠎ᠡ ᠮᠠᠬᠠᠪᠣᠳ ᠢ ᠰᠠᠶᠢᠵᠢᠷᠠᠭᠤᠯᠤᠨ᠂ ᠪᠦᠬᠦ | ᠠᠷᠠᠳ ᠤᠨ ᠪᠡᠶ᠎ᠡ ᠴᠢᠬᠢᠷᠠᠬᠵᠢᠭᠤᠯᠬᠤ ᠪᠠ ᠠᠷᠠᠳ ᠢᠷᠭᠡᠳ ᠤᠨ ᠡᠷᠡᠬᠦᠯ ᠮᠡᠨᠳᠦ ᠶᠢ ᠬᠦᠨᠵᠡᠭᠡᠢ ᠠᠭᠤᠰᠤᠯᠴᠠᠭᠤᠯᠬᠤ | ᠵᠠᠶᠢᠯᠠᠰᠢ ᠦᠭᠡᠢ ᠱᠠᠭᠠᠷᠲᠠᠯᠭ᠎ᠠ ᠪᠠᠶᠢᠵᠦ᠂ ︽ᠡᠷᠡᠬᠦᠯ ᠴᠢᠬᠢᠷᠠᠬ ᠲᠣᠮᠲᠠᠲᠣ ᠣᠯᠣᠰ︾ ᠢ ᠪᠦᠲᠦᠭᠡᠨ ᠪᠠᠶᠢᠭᠤᠯᠬᠤ | ᠴᠢᠬᠤᠯᠠ ᠠᠭᠤᠯᠭ᠎ᠠ ᠪᠣᠯᠬᠤ ᠪᠦᠭᠡᠳ ᠬᠡᠷᠡᠭᠯᠡᠭᠡ ᠶᠢᠨ ᠲᠠᠯᠲᠠ ᠬᠦᠴᠦᠨ ᠢ ᠠᠭᠤᠲᠠᠯᠣᠨ ᠪᠠᠲᠠᠷᠠᠭᠤᠯᠵᠦ᠂ ᠠᠷᠠᠳ ᠤᠨ | ᠠᠮᠢᠲᠣᠷᠠᠯ ᠢ ᠪᠠᠲᠣᠯᠠᠨ ᠰᠠᠶᠢᠵᠢᠷᠠᠭᠤᠯᠵᠦ᠂ ᠠᠵᠦ ᠠᠬᠤᠢ ᠶᠢᠨ ᠰᠢᠨ᠎ᠡ ᠨᠡᠮᠡᠭᠲᠡᠯ ᠴᠡᠭ ᠢ ᠪᠣᠢ ᠪᠣᠯᠭᠠᠨ᠂ ᠠᠵᠦ | ᠠᠬᠤᠢ ᠶᠢᠨ ᠨᠡᠮᠡᠭᠲᠡᠯ ᠤᠨ ᠰᠢᠨ᠎ᠠ ᠬᠦᠲᠡᠯᠭᠡᠬᠦᠷ ᠢ ᠴᠢᠩᠭᠠᠷᠠᠭᠤᠯᠬᠤ ᠳᠤ ᠴᠢᠬᠤᠯᠠ ᠠᠴᠢ ᠬᠤᠯᠪᠣᠬᠲᠠᠯ ᠲᠠᠢ ᠪᠢᠯᠡ᠃ | ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠠᠵᠦ ᠦᠢᠯᠡᠰ ᠤᠨ ᠬᠦᠭᠵᠢᠯᠲᠡ ᠶᠢ ᠲᠦᠷᠭᠡᠳᠭᠡᠬᠦ ᠶᠢᠨ ᠲᠦᠯᠦᠭᠡ᠂ | ᠲᠦᠷᠦ ᠶᠢᠨ ᠶᠠᠪᠣᠲᠠᠯ ᠤᠨ ᠬᠤᠷᠢᠶ᠎ᠠ ᠪᠠᠷ ᠵᠦᠪᠰᠢᠶᠡᠷᠡᠬᠦᠯᠦᠨ ᠲᠣᠣᠷᠠᠬᠢ ᠮᠡᠲᠦ ᠰᠠᠨᠠᠯ ᠲᠣᠷᠠᠳᠪᠠ᠃ | | ᠨᠢᠭᠡ᠂ ᠶᠡᠷᠦᠩᠭᠡᠢ ᠱᠠᠭᠠᠷᠲᠠᠯᠭ᠎ᠠ | ︵ᠨᠢᠭᠡ︶ ᠵᠢᠯᠣᠭᠤᠳᠬᠤ ᠦᠵᠡᠯ ᠰᠠᠨᠠᠭ᠎ᠠ︔ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠪᠣᠯᠣᠨ ᠠᠷᠪᠠᠨ | ᠨᠠᠢᠮᠠᠳᠤᠭᠠᠷ ᠬᠤᠭᠤᠴᠠᠭᠠᠨ ᠤ ᠭᠤᠷᠪᠠᠲᠣᠭᠠᠷ᠂ ᠲᠦᠷᠪᠡᠲᠦᠭᠡᠷ᠂ ᠲᠠᠪᠣᠲᠣᠭᠠᠷ ᠪᠦᠬᠦᠲᠡ ᠬᠤᠷᠠᠯ ᠤᠨ ᠵᠣᠷᠢᠬ | ᠰᠠᠨᠠᠭ᠎ᠠ ᠶᠢ ᠪᠦᠬᠦ ᠲᠠᠯ᠎ᠠ ᠪᠠᠷ ᠲᠣᠭᠤᠰᠢᠯᠠᠭᠤᠯᠵᠦ᠂ ︽ᠲᠦᠷᠪᠡᠨ ᠪᠦᠬᠦ ᠲᠠᠯ᠎ᠠ︾ ᠶᠢᠨ ᠪᠠᠶᠢᠯᠲᠣᠬᠤ ᠪᠣᠲᠣᠯᠭ᠎ᠠ ᠶᠢᠨ | ᠪᠠᠶᠢᠷᠢᠯᠠᠭᠤᠯᠣᠯᠲᠠ ᠶᠣᠰᠣᠭᠠᠷ᠂ ᠰᠢᠨ᠎ᠡ ᠶᠢ ᠡᠬᠦᠳᠬᠦ᠂ ᠵᠣᠬᠢᠴᠠᠩᠭᠤᠢ᠂ ᠪᠣᠬᠢᠷᠲᠣᠯ ᠦᠭᠡᠢ᠂ ᠨᠡᠭᠡᠭᠡᠯᠲᠡᠲᠦ᠂ | ᠬᠠᠮᠲᠣ ᠪᠠᠷ ᠡᠳ᠋ᠯᠡᠬᠦ ᠬᠦᠭᠵᠢᠯᠲᠡ ᠶᠢᠨ ᠣᠶᠢᠯᠠᠭᠠᠬᠲᠠᠬᠤᠨ ᠢ ᠪᠠᠲᠣ ᠪᠠᠬᠢ ᠪᠣᠢ ᠪᠣᠯᠭᠠᠨ ᠲᠣᠭᠤᠰᠢᠯᠠᠭᠤᠯᠣᠨ | ᠨᠠᠶᠢᠲᠠᠪᠣᠷᠢᠵᠢᠭᠤᠯᠵᠦ᠂ ᠨᠠᠮ ᠤᠨ ᠲᠦᠪ ᠬᠤᠷᠢᠶ᠎ᠠ᠂ ᠲᠦᠷᠦ ᠶᠢᠨ ᠶᠠᠪᠣᠲᠠᠯ ᠤᠨ ᠬᠤᠷᠢᠶ᠎ᠠ ᠶᠢᠨ ᠰᠢᠢᠳᠪᠦᠷᠢᠲᠦ | ᠪᠣᠲᠣᠯᠭ᠎ᠠ ᠶᠢᠨ ᠪᠠᠶᠢᠷᠢᠯᠠᠭᠤᠯᠣᠯᠲᠠ ᠶᠢ ᠨᠠᠷᠢᠨ ᠬᠢᠨᠠᠮᠠᠭᠠᠢ ᠨᠠᠶᠢᠲᠠᠪᠣᠷᠢᠵᠢᠭᠤᠯᠵᠦ᠂ ᠪᠡᠶ᠎ᠡ ᠴᠢᠬᠢᠷᠠᠬᠵᠢᠭᠤᠯᠬᠤ | ᠰᠡᠯᠡᠬᠦᠴᠡᠯ ᠤᠨ ᠠᠵᠦ ᠦᠢᠯᠡᠰ ᠤᠨ ᠬᠠᠩᠭᠠᠯᠭ᠎ᠠ ᠬᠡᠷᠡᠭᠯᠡᠭᠡ ᠶᠢᠨ ᠪᠦᠲᠦᠴᠡ ᠶᠢᠨ ᠴᠢᠨᠠᠷᠲᠠᠢ ᠦᠭᠡᠷᠡᠴᠢᠯᠡᠯᠲᠡ ᠶᠢ | ᠠᠬᠢᠭᠤᠯᠵᠦ᠂ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠠᠵᠦ ᠦᠢᠯᠡᠰ ᠤᠨ ᠬᠦᠭᠵᠢᠯᠲᠡ ᠶᠢᠨ ᠴᠢᠨᠠᠷ ᠴᠢᠨᠰᠠᠭ᠎ᠠ | ᠪᠣᠯᠣᠨ ᠦᠷ᠎ᠡ ᠠᠰᠢᠬ ᠢ ᠲᠡᠭᠡᠭᠰᠢᠯᠡᠬᠦᠯᠵᠦ᠂ ᠡᠯ᠎ᠠ ᠲᠦᠷᠦᠯ ᠤᠨ ᠵᠠᠬ᠎ᠠ ᠲᠡᠯᠭᠡᠬᠦᠷ ᠤᠨ ᠭᠤᠣᠯ ᠴᠣᠬᠴᠠ ᠶᠢ | ᠪᠣᠶᠢᠵᠢᠭᠤᠯᠣᠨ ᠪᠣᠵᠠᠭᠠᠶᠢᠷᠠᠭᠤᠯᠵᠦ᠂ ᠦᠢᠯᠡᠳᠬᠦᠨ ᠬᠢᠭᠡᠳ ᠦᠢᠯᠡᠴᠢᠯᠡᠭᠡ ᠶᠢᠨ ᠬᠠᠩᠭᠠᠯᠭ᠎ᠠ ᠬᠡᠷᠡᠭᠯᠡᠭᠡ ᠶᠢ | ᠪᠡᠶᠠᠯᠢᠬᠵᠢᠭᠤᠯᠵᠦ᠂ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠠᠵᠦ ᠦᠢᠯᠡᠰ ᠤᠨ ᠪᠦᠬᠦ ᠲᠠᠯ᠎ᠠ ᠪᠠᠷ ᠡᠷᠡᠬᠦᠯ ᠢᠶᠠᠷ | ᠦᠷᠬᠦᠯᠵᠢᠯᠡᠨ ᠬᠦᠭᠵᠢᠬᠦ ᠶᠢ ᠠᠬᠢᠭᠤᠯᠣᠨ᠂ ᠠᠷᠠᠳ ᠣᠯᠠᠨ ᠤ ᠣᠯᠠᠨ ᠲᠠᠪᠬᠤᠷᠭᠠᠲᠣ ᠣᠯᠠᠨ ᠶᠠᠩᠵᠣᠲᠣ ᠪᠡᠶ᠎ᠡ | ᠴᠢᠬᠢᠷᠠᠬᠵᠢᠭᠤᠯᠬᠤ ᠰᠡᠯᠡᠬᠦᠴᠡᠯ ᠤᠨ ᠬᠡᠷᠡᠭᠴᠡᠭᠡ ᠱᠠᠭᠠᠷᠲᠠᠯᠭ᠎ᠠ ᠶᠢ ᠲᠠᠰᠣᠷᠠᠯᠲᠠ ᠦᠭᠡᠢ ᠬᠠᠩᠭᠠᠵᠦ᠂ ᠵᠣᠯ | ᠵᠢᠷᠭᠠᠯ ᠤᠨ ᠲᠦᠷᠦᠭᠲᠡᠯ ᠪᠣᠯᠣᠨ ᠬᠦᠷᠲᠡᠮᠵᠢ ᠶᠢᠨ ᠲᠦᠷᠦᠭᠲᠡᠯ ᠢ ᠲᠡᠭᠡᠭᠰᠢᠯᠡᠬᠦᠯᠵᠦ᠂ ᠠᠵᠦ ᠠᠬᠤᠢ ᠶᠢᠨ | ᠬᠦᠭᠵᠢᠯᠲᠡ ᠶᠢᠨ ᠰᠢᠨ᠎ᠡ ᠬᠡᠪᠰᠢᠯ ᠲᠣᠣᠷ᠎ᠠ ᠬᠡᠷᠡᠭᠯᠡᠭᠡ ᠶᠢᠨ ᠱᠠᠭᠠᠷᠲᠠᠯᠭ᠎ᠠ ᠶᠢ ᠦᠷᠭᠡᠳᠭᠡᠵᠦ᠂ ᠠᠵᠦ ᠠᠬᠤᠢ ᠶᠢᠨ | ᠨᠡᠮᠡᠭᠲᠡᠯ ᠢ ᠲᠦᠷᠭᠡᠳᠭᠡᠬᠦ᠂ ᠠᠵᠦ ᠠᠬᠤᠢ ᠶᠢᠨ ᠨᠡᠮᠡᠭᠲᠡᠯ ᠤᠨ ᠬᠡᠯᠪᠡᠷᠢ ᠶᠢ ᠬᠤᠪᠢᠷᠠᠭᠤᠯᠬᠤ ᠳᠤ ᠬᠦᠴᠦᠲᠦ | ᠲᠣᠯᠭᠠᠭᠤᠷᠢ ᠪᠣᠯᠣᠨ ᠬᠦᠲᠡᠯᠭᠡᠬᠦ ᠬᠦᠴᠦᠨ ᠬᠠᠩᠭᠠᠨ᠎ᠠ᠃ | ︵ᠬᠤᠶᠠᠷ︶ ᠦᠨᠳᠦᠰᠦᠨ ᠵᠠᠷᠴᠢᠮ︔ | ᠵᠠᠬ᠎ᠠ ᠲᠡᠯᠭᠡᠬᠦᠷ ᠢᠶᠠᠷ ᠭᠤᠣᠯ ᠵᠢᠯᠣᠭᠤᠲᠣᠭᠤᠯᠵᠦ᠂ ᠰᠢᠨ᠎ᠡ ᠶᠢ ᠡᠬᠦᠳᠬᠦ ᠪᠠᠷ ᠬᠦᠭᠵᠢᠯᠲᠡ ᠶᠢᠨ ᠬᠦᠲᠡᠯᠭᠡᠬᠦᠷ | ᠪᠣᠯᠭᠠᠨ᠎ᠠ᠃ ᠡᠬᠢ ᠪᠠᠶᠠᠯᠢᠬ ᠤᠨ ᠲᠣᠬᠢᠷᠠᠭᠤᠯᠣᠯᠲᠠ ᠲᠣᠮᠲᠠᠬᠢ ᠵᠠᠬ᠎ᠠ ᠲᠡᠯᠭᠡᠬᠦᠷ ᠤᠨ ᠰᠢᠢᠳᠪᠦᠷᠢᠯᠡᠬᠦ ᠴᠢᠨᠠᠷᠲᠠᠢ | ᠦᠢᠯᠡᠳᠦᠯ ᠢ ᠬᠦᠢᠴᠡᠳ ᠪᠠᠲᠠᠷᠠᠭᠤᠯᠣᠨ᠂ ᠡᠯ᠎ᠡ ᠲᠦᠷᠦᠯ ᠤᠨ ᠵᠠᠬ᠎ᠠ ᠲᠡᠯᠭᠡᠬᠦᠷ ᠤᠨ ᠭᠤᠣᠯ ᠴᠣᠬᠴᠠ ᠶᠢᠨ ᠵᠣᠬᠢᠶᠠᠨ | ᠪᠠᠶᠢᠭᠤᠯᠣᠯᠲᠠ ᠶᠢᠨ ᠬᠠᠮᠢᠶᠠᠷᠣᠯᠲᠠ᠂ ᠪᠠᠶᠢᠭᠤᠯᠣᠯᠲᠠ ᠡᠵᠡᠩᠨᠡᠯᠲᠡ᠂ ᠰᠤᠲᠤᠯᠤᠨ ᠨᠡᠭᠡᠭᠡᠵᠦ ᠦᠢᠯᠡᠳᠪᠦᠷᠢᠯᠡᠬᠦ ᠵᠡᠷᠭᠡ | ᠡᠯ᠎ᠠ ᠭᠤᠬᠴᠤᠭ᠎ᠠ ᠶᠢᠨ ᠰᠢᠨ᠎ᠠ ᠶᠢ ᠡᠬᠦᠳᠬᠦ ᠣᠶᠢᠯᠠᠭᠠᠬᠲᠠᠬᠤᠨ ᠪᠠ ᠵᠠᠬᠪᠣᠷ ᠢ ᠬᠦᠲᠦᠯᠦᠨ ᠵᠢᠯᠣᠭᠤᠳᠴᠦ᠂ | ᠦᠢᠯᠡᠴᠢᠯᠡᠭᠡ ᠶᠢᠨ ᠴᠢᠨᠠᠷ ᠴᠢᠨᠰᠠᠭ᠎ᠠ ᠶᠢ ᠲᠡᠭᠡᠭᠰᠢᠯᠡᠬᠦᠯᠦᠨ᠂ ᠬᠡᠷᠡᠭᠯᠡᠭᠡ ᠶᠢᠨ ᠲᠡᠰ ᠲᠡᠪᠰᠢᠭᠰᠡᠨ ᠱᠠᠭᠠᠷᠲᠠᠯᠭ᠎ᠠ ᠶᠢ | ᠨᠡᠩ ᠰᠠᠶᠢᠲᠣᠷ ᠬᠠᠩᠭᠠᠨ᠎ᠠ᠃ | ᠡᠬᠦᠷᠭᠡ ᠴᠢᠲᠠᠪᠬᠢ ᠪᠠᠨ ᠬᠤᠪᠢᠷᠠᠭᠤᠯᠣᠨ᠂ ᠣᠷᠴᠢᠨ ᠲᠣᠭᠤᠷᠢᠨ ᠢ ᠰᠢᠯᠢᠲᠡᠭᠵᠢᠬᠦᠯᠦᠨ᠎ᠡ᠃ ᠵᠠᠰᠠᠬ ᠢ | ᠴᠣᠮᠬᠠᠳᠬᠠᠨ ᠡᠷᠭᠡ ᠶᠢ ᠲᠣᠷᠣᠬᠰᠢ ᠲᠠᠯᠪᠢᠬᠤ᠂ ᠬᠠᠮᠢᠶᠠᠷᠬᠤ ᠪᠠ ᠲᠠᠯᠪᠢᠬᠤ ᠶᠢ ᠣᠶᠠᠯᠲᠣᠭᠤᠯᠬᠤ ᠶᠢ ᠬᠦᠴᠦᠲᠡᠢ | ᠠᠬᠢᠭᠤᠯᠣᠨ᠂ ᠦᠢᠯᠡᠴᠢᠯᠡᠭᠡ ᠶᠢᠨ ᠦᠭᠡᠷᠡᠴᠢᠯᠡᠯᠲᠡ ᠶᠢ ᠰᠢᠯᠢᠲᠡᠭᠵᠢᠬᠦᠯᠵᠦ᠂ ᠨᠡᠶᠢᠭᠡᠮ ᠤᠨ ᠬᠦᠷᠦᠩᠭᠡ ᠶᠢᠨ ᠪᠡᠶ᠎ᠡ | ᠴᠢᠬᠢᠷᠠᠬᠵᠢᠭᠤᠯᠬᠤ ᠰᠡᠯᠡᠬᠦᠴᠡᠯ ᠤᠨ ᠠᠵᠦ ᠦᠢᠯᠡᠰ ᠲᠤ ᠪᠡᠯᠡ ᠣᠷᠣᠭᠤᠯᠬᠤ ︽ ᠬᠡᠪᠡᠷᠡᠭ︾ ︽ᠲᠦᠪᠡᠭ︾ | ︽ ᠮᠠᠲᠠᠭ︾ ᠵᠡᠷᠭᠡ ᠠᠰᠠᠭᠤᠲᠠᠯ ᠢ ᠬᠦᠴᠦᠯᠡᠨ ᠰᠢᠢᠳᠪᠦᠷᠢᠯᠡᠨ᠎ᠡ︔ ᠨᠢᠭᠡᠲᠦᠯᠲᠡᠢ ᠲᠦᠯᠦᠪᠵᠢᠬᠦᠯᠬᠦ᠂ ᠲᠦᠷᠦ ᠶᠢᠨ | ᠪᠣᠲᠣᠯᠭ᠎ᠠ ᠪᠠᠷ ᠲᠡᠳᠬᠦᠬᠦ᠂ ᠪᠠᠷᠢᠮᠵᠢᠶᠠᠵᠢᠭᠤᠯᠣᠨ ᠬᠦᠲᠦᠯᠦᠨ ᠵᠢᠯᠣᠭᠤᠳᠬᠤ ᠶᠢ ᠴᠢᠩᠭᠠᠳᠬᠠᠵᠦ᠂ ᠬᠡᠷᠡᠭᠯᠡᠭᠡ ᠶᠢᠨ | ᠣᠷᠴᠢᠨ ᠲᠣᠭᠤᠷᠢᠨ ᠢ ᠰᠠᠶᠢᠵᠢᠷᠠᠭᠤᠯᠵᠦ᠂ ᠡᠷᠡᠬᠦᠯ ᠬᠡᠷᠡᠭᠯᠡᠭᠡ ᠶᠢᠨ ᠣᠶᠢᠯᠠᠭᠠᠬᠲᠠᠬᠤᠨ ᠢ ᠪᠣᠢ ᠪᠣᠯᠭᠠᠵᠦ᠂ ᠡᠯ᠎ᠡ | ᠲᠦᠷᠦᠯ ᠤᠨ ᠬᠠᠮᠲᠣ ᠨᠢᠭᠡᠴᠡ ᠶᠢ ᠰᠠᠶᠢᠨ ᠲᠣᠷ᠎ᠠ ᠠᠴᠠ ᠪᠠᠨ᠂ ᠨᠦᠬᠦᠴᠡᠯ ᠲᠠᠢ ᠪᠠᠷ ᠪᠡᠶ᠎ᠡ ᠴᠢᠬᠢᠷᠠᠬᠵᠢᠭᠤᠯᠬᠤ | ᠰᠡᠯᠡᠬᠦᠴᠡᠯ ᠤᠨ ᠠᠵᠦ ᠦᠢᠯᠡᠰ ᠲᠤ ᠣᠷᠣᠯᠴᠠᠭᠤᠯᠣᠨ᠎ᠠ᠃ | ᠲᠦᠷᠦᠯ ᠬᠤᠪᠢᠶᠠᠨ ᠠᠬᠢᠭᠤᠯᠵᠦ᠂ ᠠᠭᠤᠰᠣᠯᠴᠠᠭᠤᠯᠣᠨ ᠬᠦᠭᠵᠢᠬᠦᠯᠦᠨ᠎ᠡ᠃ ᠲᠦᠷᠦᠯ ᠠᠩᠬᠢᠯᠠᠨ | ᠲᠠᠪᠬᠤᠷᠭ᠎ᠠ ᠬᠤᠪᠢᠶᠠᠨ ᠠᠲᠠᠯᠢ ᠪᠣᠰᠣ ᠪᠠᠷ ᠬᠠᠨᠲᠣᠵᠦ᠂ ᠣᠯᠠᠨ ᠲᠦᠮᠡᠨ ᠤ ᠪᠡᠶ᠎ᠡ ᠴᠢᠬᠢᠷᠠᠬᠵᠢᠭᠤᠯᠬᠤ | ᠰᠡᠯᠡᠬᠦᠴᠡᠯ ᠤᠨ ᠦᠨᠳᠦᠰᠦᠨ ᠱᠠᠭᠠᠷᠲᠠᠯᠭ᠎ᠠ ᠶᠢ ᠪᠠᠲᠣᠯᠠᠵᠦ᠂ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠠᠵᠦ | ᠦᠢᠯᠡᠰ ᠤᠨ ᠣᠯᠠᠨ ᠡᠰᠢᠲᠦ ᠬᠦᠭᠵᠢᠯᠲᠡ ᠶᠢ ᠠᠬᠢᠭᠤᠯᠣᠨ᠎ᠠ︔ ᠠᠵᠦ ᠦᠢᠯᠡᠰ ᠤᠨ ᠬᠦᠭᠵᠢᠯᠲᠡ ᠶᠢᠨ ᠵᠢᠮ᠎ᠡ | ᠶᠣᠰᠣ ᠶᠢ ᠵᠢᠷᠣᠮᠯᠠᠨ᠂ ᠪᠦᠬᠦ ᠲᠠᠯ᠎ᠠ ᠠᠴᠠ ᠡᠬᠦᠰᠦᠨ ᠠᠵᠦ ᠦᠢᠯᠡᠰ ᠤᠨ ᠡᠯ᠎ᠠ ᠲᠦᠷᠦᠯ ᠵᠦᠢᠯ ᠤᠨ ᠪᠦᠬᠦ | ᠲᠠᠯ᠎ᠠ ᠶᠢᠨ ᠬᠦᠭᠵᠢᠯᠲᠡ ᠶᠢ ᠠᠬᠢᠭᠤᠯᠣᠨ᠂ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠠᠵᠦ ᠦᠢᠯᠡᠰ ᠬᠢᠭᠡᠳ ᠪᠦᠬᠦ | ᠠᠷᠠᠳ ᠤᠨ ᠪᠡᠶ᠎ᠡ ᠴᠢᠬᠢᠷᠠᠬᠵᠢᠭᠤᠯᠬᠤ ᠦᠢᠯᠡᠰ ᠢ ᠨᠢᠭᠡᠲᠦᠯᠲᠡᠢ ᠲᠦᠯᠦᠪᠵᠢᠬᠦᠯᠦᠨ ᠵᠣᠬᠢᠴᠠᠭᠤᠯᠵᠦ᠂ ᠪᠡᠶ᠎ᠡ | ᠴᠢᠬᠢᠷᠠᠬᠵᠢᠭᠤᠯᠬᠤ ᠰᠡᠯᠡᠬᠦᠴᠡᠯ ᠬᠢᠭᠡᠳ ᠵᠣᠭᠠᠴᠠᠯ᠂ ᠡᠷᠡᠬᠦᠯ ᠮᠡᠨᠲᠦ ᠵᠡᠷᠭᠡ ᠠᠵᠦ ᠦᠢᠯᠡᠰ ᠤᠨ ᠠᠭᠤᠰᠣᠯᠴᠠᠨ | ᠬᠤᠷᠰᠢᠯᠴᠠᠬᠤ ᠶᠢ ᠠᠬᠢᠭᠤᠯᠣᠨ᠎ᠠ᠃ | ᠭᠤᠣᠯᠲᠠᠯᠭ᠎ᠠ ᠲᠠᠢ ᠰᠢᠪᠲᠣᠯᠵᠦ᠂ ᠪᠣᠲᠠᠲᠣ ᠠᠰᠢᠬ ᠢ ᠡᠷᠬᠢᠮᠯᠡᠨ᠎ᠡ᠃ ︽ᠨᠢᠭᠡ ᠪᠦᠰᠡ ᠨᠢᠭᠡ ᠵᠠᠮ︾ ᠤᠨ | ᠪᠠᠶᠢᠭᠤᠯᠣᠯᠲᠠ᠂ ᠪᠡᠭᠡᠵᠢᠩ ᠲᠢᠶᠠᠨᠵᠢᠨ ᠾᠧᠪᠸᠢ ᠶᠢᠨ ᠵᠣᠬᠢᠴᠠᠩᠭᠤᠢ ᠬᠦᠭᠵᠢᠯᠲᠡ᠂ ᠬᠦᠬᠡᠮᠦ᠋ᠷᠡᠨ ᠤ ᠠᠵᠦ | ᠠᠬᠤᠢ ᠶᠢᠨ ᠪᠦᠰᠡ ᠶᠢᠨ ᠭᠤᠷᠪᠠᠨ ᠶᠡᠭᠡ ᠪᠠᠶᠢᠯᠲᠣᠬᠤ ᠪᠣᠲᠣᠯᠭ᠎ᠠ ᠶᠢᠨ ᠲᠣᠭᠤᠷᠢᠨ ᠳᠤ᠂ ᠰᠢᠨ᠎ᠡ ᠮᠡᠶ᠋ᠢᠬ ᠤᠨ ᠬᠤᠲᠠ | ᠪᠠᠯᠭᠠᠰᠣᠵᠢᠯᠲᠠ ᠶᠢᠨ ᠪᠠᠶᠢᠭᠤᠯᠣᠯᠲᠠ᠂ ᠨᠡᠶᠢᠭᠡᠮ ᠵᠢᠷᠣᠮ ᠤᠨ ᠰᠢᠨ᠎ᠡ ᠬᠦᠲᠡᠭᠡ ᠲᠣᠰᠬᠤᠨ ᠤ ᠪᠠᠶᠢᠭᠤᠯᠣᠯᠲᠠ᠂ | ᠣᠨᠢᠨ ᠲᠡᠭᠡᠷ᠎ᠡ ᠨᠢ ᠶᠠᠲᠠᠭᠤ ᠶᠢ ᠲᠡᠳᠬᠦᠬᠦ᠂ ᠲᠦᠬᠦᠮ ᠪᠦᠲᠦᠴᠡᠲᠦ ᠣᠷᠣᠨ ᠰᠠᠭᠤᠴᠠ ᠶᠢᠨ ᠲᠣᠭᠤᠷᠢᠬ ᠢ | ᠦᠭᠡᠷᠡᠴᠢᠯᠡᠨ ᠪᠠᠶᠢᠭᠤᠯᠬᠤ ᠵᠡᠷᠭᠡ ᠣᠯᠣᠰ ᠤᠨ ᠬᠦᠨᠲᠦ ᠴᠢᠬᠤᠯᠠ ᠪᠠᠶᠢᠷᠢᠯᠠᠭᠤᠯᠣᠯᠲᠠ ᠲᠠᠢ ᠣᠶᠠᠯᠲᠣᠭᠤᠯᠵᠦ᠂ ᠪᠡᠶ᠎ᠡ | ᠴᠢᠬᠢᠷᠠᠬᠵᠢᠭᠤᠯᠬᠤ ᠰᠡᠯᠡᠬᠦᠴᠡᠯ ᠤᠨ ᠭᠤᠣᠯᠲᠠᠯᠭ᠎ᠠ ᠲᠠᠢ ᠬᠦᠲᠡᠯᠭᠡᠭᠡᠨ ᠤ ᠲᠦᠷᠦᠯ ᠵᠦᠢᠯ ᠪᠣᠯᠣᠨ ᠠᠵᠦ ᠦᠢᠯᠡᠰ ᠤᠨ | ᠵᠢᠱᠢᠶ᠎ᠠ ᠦᠵᠡᠬᠦᠯᠬᠦ ᠰᠠᠭᠤᠷᠢᠨ ᠵᠡᠷᠭᠡ ᠪᠠᠷ ᠲᠦᠰᠢᠭ ᠪᠣᠯᠭᠠᠨ᠂ ᠲᠡᠬᠦᠨ ᠤ ᠨᠦᠯᠦᠭᠡᠯᠡᠬᠦ ᠪᠠ ᠲᠠᠶᠢᠴᠢᠯᠠᠬᠤ | ᠦᠢᠯᠡᠲᠦᠯ ᠢ ᠪᠠᠲᠠᠷᠠᠭᠤᠯᠣᠨ᠂ ᠣᠷᠣᠨ ᠪᠦᠰᠡ ᠶᠢᠨ ᠠᠵᠦ ᠠᠬᠤᠢ ᠶᠢᠨ ᠬᠦᠭᠵᠢᠯᠲᠡ ᠪᠣᠯᠣᠨ ᠠᠷᠠᠳ ᠤᠨ | ᠠᠮᠢᠲᠣᠷᠠᠯ ᠢ ᠰᠠᠶᠢᠵᠢᠷᠠᠭᠤᠯᠬᠤ ᠶᠢ ᠠᠬᠢᠭᠤᠯᠣᠨ᠎ᠠ᠃ | ︵ᠭᠤᠷᠪᠠ︶ ᠬᠦᠭᠵᠢᠯᠲᠡ ᠶᠢᠨ ᠬᠠᠷᠠᠯᠲᠠ︔ 2025 ᠤᠨ ᠪᠣᠯᠬᠤ ᠳᠤ᠂ ᠪᠠᠶᠢᠷᠢᠰᠢᠯ ᠵᠣᠬᠢᠰᠲᠠᠢ᠂ | ᠡᠬᠦᠷᠭᠡ ᠴᠢᠲᠠᠪᠬᠢ ᠪᠦᠷᠢᠨ ᠲᠦᠬᠦᠷ᠂ ᠲᠦᠷᠦᠯ ᠵᠦᠢᠯ ᠪᠦᠷᠢᠲᠦᠭᠰᠡᠨ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ | ᠠᠵᠦ ᠦᠢᠯᠡᠰ ᠤᠨ ᠬᠦᠭᠵᠢᠯᠲᠡ ᠶᠢᠨ ᠪᠠᠶᠢᠷᠢᠰᠢᠯ ᠢ ᠦᠨᠳᠦᠰᠦᠨ ᠳᠡᠭᠡᠨ ᠪᠦᠷᠢᠯᠲᠦᠬᠦᠯᠵᠦ᠂ ᠵᠠᠬ᠎ᠠ ᠲᠡᠯᠭᠡᠬᠦᠷ ᠤᠨ | ᠵᠤᠬᠢᠴᠠᠮᠵᠢ ᠣᠯᠠᠮ ᠢᠶᠠᠷ ᠲᠡᠬᠦᠯᠲᠡᠷᠵᠢᠵᠦ᠂ ᠬᠡᠷᠡᠭᠯᠡᠭᠡ ᠶᠢᠨ ᠱᠠᠭᠠᠷᠲᠠᠯᠭ᠎ᠠ ᠶᠠᠪᠣᠬᠤ ᠲᠣᠲᠣᠮ ᠦᠨᠳᠦᠷᠵᠢᠵᠦ᠂ ᠠᠵᠦ | ᠦᠢᠯᠡᠰ ᠤᠨ ᠣᠷᠴᠢᠨ ᠲᠣᠭᠤᠷᠢᠨ ᠲᠠᠰᠣᠷᠠᠯᠲᠠ ᠦᠭᠡᠢ ᠰᠢᠯᠢᠲᠡᠭᠵᠢᠵᠦ᠂ ᠠᠵᠦ ᠦᠢᠯᠡᠰ ᠤᠨ ᠪᠦᠲᠦᠴᠡ | ᠣᠯᠠᠮ ᠢᠶᠠᠷ ᠵᠣᠬᠢᠰᠲᠠᠢ ᠪᠣᠯᠵᠦ᠂ ᠦᠢᠯᠡᠳᠬᠦᠨ ᠪᠣᠯᠣᠨ ᠦᠢᠯᠡᠴᠢᠯᠡᠭᠡ ᠶᠢᠨ ᠬᠠᠩᠭᠠᠯᠭ᠎ᠠ ᠬᠡᠷᠡᠭᠯᠡᠭᠡ ᠡᠯᠪᠡᠭᠵᠢᠵᠦ᠂ | ᠦᠢᠯᠡᠴᠢᠯᠡᠭᠡᠨ ᠤ ᠴᠢᠨᠠᠷ ᠪᠠ ᠲᠦᠪᠰᠢᠨ ᠮᠡᠲᠡᠭᠲᠡᠮ᠎ᠡ ᠲᠡᠭᠡᠭᠰᠢᠯᠡᠵᠦ᠂ ᠦᠭᠡᠷ᠎ᠡ ᠪᠣᠰᠣᠳ ᠠᠵᠦ ᠦᠢᠯᠡᠰ ᠯᠦᠭᠡ | ᠠᠭᠤᠰᠣᠯᠴᠠᠨ ᠬᠦᠭᠵᠢᠬᠦ ᠨᠢ ᠨᠡᠩ ᠨᠢᠬᠲᠠᠷᠠᠵᠦ᠂ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠠᠵᠦ ᠦᠢᠯᠡᠰ ᠤᠨ | ᠶᠡᠷᠦᠩᠭᠡᠢ ᠬᠡᠪᠴᠢᠶᠠᠵᠢᠯ 3 ᠲᠦᠮᠡᠨ ᠳ᠋ᠦᠩᠰᠢᠭᠤᠷ ᠲᠦᠬᠦᠷᠢᠭ ᠲᠤ ᠬᠦᠷᠬᠦ ᠪᠣᠯᠣᠨ᠎ᠠ᠃ | ᠬᠤᠶᠠᠷ᠂ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠦᠢᠯᠡᠴᠢᠯᠡᠭᠡᠨ ᠤ ᠰᠢᠰᠲ᠋ᠧᠮ ᠢ ᠲᠡᠬᠦᠯᠲᠡᠷᠵᠢᠬᠦᠯᠦᠨ᠎ᠡ | ︵ᠲᠦᠷᠪᠡ︶ ᠡᠳᠦᠷ ᠲᠣᠲᠣᠮ ᠤᠨ ᠪᠡᠶ᠎ᠡ ᠴᠢᠬᠢᠷᠠᠬᠵᠢᠭᠤᠯᠬᠤ ᠶᠢ ᠲᠦᠭᠡᠮᠡᠯᠵᠢᠬᠦᠯᠦᠨ᠎ᠡ᠃ ᠣᠯᠠᠨ ᠲᠦᠮᠡᠨ ᠤ | ᠦᠷᠭᠡᠨ ᠢᠶᠠᠷ ᠣᠷᠣᠯᠴᠠᠬᠤ ᠳᠤ ᠲᠣᠬᠢᠷᠠᠬᠤ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠲᠦᠷᠦᠯ ᠵᠦᠢᠯ ᠢ | ᠲᠡᠯᠭᠡᠷᠡᠬᠦᠯᠵᠦ᠂ ᠬᠦᠯ ᠪᠦᠮᠪᠦᠭᠡ᠂ ᠰᠠᠬᠰᠣᠨ ᠪᠦᠮᠪᠦᠭᠡ᠂ ᠠᠯᠠᠭᠠᠲᠠᠬᠤ ᠪᠦᠮᠪᠦᠭᠡ᠂ ᠫᠢᠩᠫᠤᠩ ᠪᠦᠮᠪᠦᠭᠡ᠂ ᠦᠲᠦᠨ | ᠪᠦᠮᠪᠦᠭᠡ᠂ ᠲᠣᠣᠷ ᠪᠦᠮᠪᠦᠭᠡ᠂ ᠣᠰᠣᠨ ᠳᠤ ᠣᠮᠪᠠᠭ᠋ᠣ᠂ ᠠᠯᠬᠤᠬᠤ᠂ ᠬᠦᠶᠦᠬᠦ᠂ ᠲᠣᠭᠤᠢ ᠣᠨᠣᠬᠤ᠂ ᠰᠢᠲᠠᠷ᠎ᠠ᠂ | ᠰᠢᠷᠡᠭᠡᠨ ᠪᠦᠮᠪᠦᠭᠡ᠂ ᠵᠢᠭᠠᠰᠣ ᠬᠦᠬᠢᠲᠡᠬᠦ ᠂ ᠪᠡᠶ᠎ᠡ ᠶᠢᠨ ᠲᠠᠮᠢᠷ ᠤᠨ ᠪᠦᠵᠢᠭ᠂ ᠠᠭᠤᠲᠠᠮ ᠲᠠᠯᠠᠪᠠᠢ ᠶᠢᠨ ᠪᠦᠵᠢᠭ | ᠵᠡᠷᠭᠡ ᠨᠡᠶᠢᠲᠡᠮ ᠤᠨ ᠴᠢᠨᠠᠷᠲᠠᠢ᠂ ᠣᠯᠠᠨ ᠢᠶᠠᠷ ᠢᠶᠠᠨ ᠠᠩᠬᠠᠷᠲᠠᠬ᠂ ᠵᠠᠬ᠎ᠠ ᠲᠡᠯᠭᠡᠬᠦᠷ ᠤᠨ ᠣᠷᠣᠨ ᠵᠠᠢ ᠶᠡᠬᠡᠲᠡᠢ | ᠬᠦᠲᠡᠯᠭᠡᠭᠡᠨ ᠤ ᠲᠦᠷᠦᠯ ᠵᠦᠢᠯ ᠢ ᠲᠦᠷᠭᠡᠳᠭᠡᠨ ᠬᠦᠭᠵᠢᠬᠦᠯᠵᠦ᠂ ᠣᠯᠠᠨ ᠨᠡᠶᠢᠲᠡ ᠶᠢᠨ ᠦᠢᠯᠡᠴᠢᠯᠡᠭᠡ ᠶᠢᠨ | ᠬᠠᠩᠭᠠᠯᠭ᠎ᠠ ᠬᠡᠷᠡᠭᠴᠡᠭᠡ ᠶᠢ ᠪᠠᠲᠣᠯᠠᠵᠦ᠂ ᠣᠯᠠᠨ ᠲᠠᠯ᠎ᠠ ᠶᠢᠨ ᠣᠷᠣᠯᠴᠠᠯᠭ᠎ᠠ ᠶᠢ ᠬᠦᠲᠦᠯᠦᠨ ᠵᠢᠯᠣᠭᠤᠲᠣᠨ᠎ᠠ᠃ | ︵ᠲᠠᠪᠤ︶ ᠭᠡᠭᠡᠷ᠎ᠡ ᠭᠠᠲᠠᠨᠠᠬᠢ ᠬᠦᠲᠡᠯᠭᠡᠭᠡᠨ ᠢ ᠬᠦᠭᠵᠢᠬᠦᠯᠦᠨ᠎ᠡ᠃ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ | ᠭᠤᠣᠯᠲᠠᠯᠭ᠎ᠠ ᠲᠠᠢ ᠬᠦᠲᠡᠯᠭᠡᠭᠡᠨ ᠤ ᠲᠦᠷᠦᠯ ᠵᠣᠶᠢᠯ ᠤᠨ ᠭᠠᠷᠴᠠᠬ ᠲᠣᠬᠲᠠᠭᠠᠵᠣ᠂ ᠭᠡᠭᠡᠷ᠎ᠡ ᠭᠠᠲᠠᠨᠠᠬᠢ | ᠬᠦᠲᠡᠯᠭᠡᠭᠡᠨ ᠢᠶᠠᠷ ᠭᠤᠣᠯᠲᠠᠯᠭ᠎ᠠ ᠪᠣᠯᠭᠠᠵᠦ᠂ ᠰᠢᠷᠢᠰ ᠲᠦᠯᠦᠪᠵᠢᠬᠦᠯᠭᠡ ᠶᠢ ᠰᠣᠲᠣᠯᠣᠨ ᠲᠣᠬᠲᠠᠭᠠᠵᠦ᠂ | ᠬᠡᠷᠡᠭᠯᠡᠭᠡ ᠶᠢᠨ ᠵᠢᠯᠣᠭᠤᠲᠣᠮᠵᠢ ᠶᠢᠨ ᠴᠢᠨᠠᠷᠲᠠᠢ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠲᠦᠷᠦᠯ ᠵᠦᠢᠯ ᠢ | ᠬᠦᠭᠵᠢᠬᠦᠯᠬᠦ ᠶᠢ ᠲᠡᠮᠵᠢᠨ᠎ᠡ᠃ | — ᠮᠦᠰᠦ ᠴᠠᠰᠣᠨ ᠤ ᠬᠦᠲᠡᠯᠭᠡᠭᠡᠨ︔ 2022 ᠤᠨ ᠤ ᠡᠪᠦᠯ ᠤᠨ ᠣᠯᠠᠷᠢᠯ ᠤᠨ ᠣᠯᠢᠮᠫᠢᠺ ᠤᠨ | ᠲᠠᠮᠢᠷ ᠤᠨ ᠴᠣᠬᠯᠠᠭᠠᠨ ᠢ ᠡᠷᠬᠢᠯᠡᠬᠦ ᠪᠠᠷ ᠠᠵᠠ ᠲᠣᠬᠢᠶᠠᠯ ᠪᠣᠯᠭᠠᠨ ︽ᠭᠤᠷᠪᠠᠨ ᠳ᠋ᠦᠩᠰᠢᠭᠤᠷ ᠬᠦᠮᠦᠨ ᠮᠦᠰᠦ | ᠴᠠᠰᠣᠨ ᠤ ᠬᠦᠲᠡᠯᠭᠡᠭᠡᠨ ᠳᠤ ᠣᠷᠣᠯᠴᠠᠬᠤ︾ ᠪᠠᠷ ᠬᠦᠭᠵᠢᠯᠲᠡ ᠶᠢᠨ ᠬᠠᠷᠠᠯᠲᠠ ᠪᠣᠯᠭᠠᠵᠦ᠂ ᠵᠡᠬᠦᠨ ᠬᠤᠶᠢᠲᠣ ᠣᠷᠣᠨ᠂ | ᠣᠮᠠᠷᠠᠲᠣ ᠣᠷᠣᠨ᠂ ᠪᠠᠷᠠᠭᠤᠨ ᠬᠤᠶᠢᠲᠣ ᠣᠷᠣᠨ ᠢ ᠲᠠᠶᠢᠴᠢᠯᠠᠨ ᠲᠠᠭᠠᠭᠤᠯᠵᠦ᠂ ᠠᠷᠠᠳ ᠣᠯᠠᠨ ᠤ ᠴᠠᠰᠣᠨ ᠳᠤ | ᠭᠤᠯᠭᠤᠬᠤ᠂ ᠮᠦᠰᠦᠨ ᠳᠤ ᠭᠤᠯᠭᠤᠬᠤ᠂ ᠮᠦᠰᠦᠨ ᠪᠦᠮᠪᠦᠭᠡ ᠵᠡᠷᠭᠡ ᠪᠠᠷ ᠭᠤᠣᠯᠲᠠᠯᠭ᠎ᠠ ᠪᠣᠯᠭᠠᠨ᠂ ︽ᠡᠮᠦᠨᠡᠲᠦ ᠳᠤ | ᠬᠦᠭᠵᠢᠬᠦᠯᠦᠨ ᠪᠠᠷᠠᠭᠤᠨᠰᠢ ᠦᠷᠭᠡᠳᠭᠡᠬᠦ︾ ᠶᠢ ᠬᠦᠨᠵᠡᠭᠡᠢ ᠬᠡᠷᠡᠭᠵᠢᠬᠦᠯᠦᠨ᠂ ᠮᠦᠰᠦ ᠴᠠᠰᠣᠨ ᠤ ᠬᠦᠲᠡᠯᠭᠡᠭᠡᠨ ᠤ | ᠲᠦᠬᠦᠭᠡᠷᠦᠮᠵᠢ ᠶᠢᠨ ᠪᠠᠶᠢᠭᠤᠯᠣᠯᠲᠠ ᠶᠢ ᠠᠬᠢᠭᠤᠯᠵᠦ᠂ ᠮᠦᠰᠦ ᠴᠠᠰᠣᠨ ᠤ ᠬᠦᠲᠡᠯᠭᠡᠭᠡᠨ ᠤ ᠲᠦᠭᠡᠮᠡᠯᠵᠢᠯᠲᠡ ᠪᠣᠯᠣᠨ | ᠠᠵᠦ ᠦᠢᠯᠡᠰ ᠤᠨ ᠬᠦᠭᠵᠢᠯᠲᠡ ᠶᠢᠨ ᠲᠦᠪᠰᠢᠨ ᠢ ᠪᠦᠬᠦ ᠲᠠᠯ᠎ᠠ ᠪᠠᠷ ᠲᠡᠭᠡᠭᠰᠢᠯᠡᠬᠦᠯᠦᠨ᠎ᠡ᠃ | — ᠠᠭᠤᠯᠠᠷᠬᠠᠬ ᠭᠠᠵᠠᠷ ᠤᠨ ᠬᠡᠭᠡᠷ᠎ᠡ ᠭᠠᠲᠠᠨᠠᠬᠢ ᠬᠦᠲᠡᠯᠭᠡᠭᠡᠨ︔ ᠠᠭᠤᠯᠠ ᠠᠪᠠᠷᠢᠬᠤ᠂ ᠬᠠᠲᠠᠨ ᠳᠤ | ᠮᠠᠴᠣᠬᠤ᠂ ᠶᠠᠪᠠᠭᠠᠨ ᠠᠯᠬᠤᠬᠤ᠂ ᠬᠡᠭᠡᠷ᠎ᠡ ᠬᠤᠨᠣᠬᠤ᠂ ᠪᠡᠶ᠎ᠡ ᠶᠢᠨ ᠲᠠᠮᠢᠷ ᠤᠨ ᠰᠣᠷᠢᠯᠲᠠ ᠵᠡᠷᠭᠡ ᠠᠭᠤᠯᠠᠷᠬᠠᠬ | ᠭᠠᠵᠠᠷ ᠤᠨ ᠬᠡᠭᠡᠷ᠎ᠡ ᠭᠠᠲᠠᠨᠠᠬᠢ ᠬᠦᠲᠡᠯᠭᠡᠭᠡᠨ ᠤ ᠲᠦᠷᠦᠯ ᠵᠦᠢᠯ ᠢ ᠲᠡᠯᠭᠡᠷᠡᠬᠦᠯᠵᠦ᠂ ᠠᠭᠤᠯᠠᠷᠬᠠᠬ ᠭᠠᠵᠠᠷ ᠤᠨ | ᠬᠡᠭᠡᠷ᠎ᠡ ᠭᠠᠲᠠᠨᠠᠬᠢ ᠬᠦᠲᠡᠯᠭᠡᠭᠡᠨ ᠤ ᠲᠦᠬᠦᠭᠡᠷᠦᠮᠵᠢ ᠶᠢᠨ ᠲᠣᠬᠲᠠᠯᠴᠠᠭ᠎ᠠ ᠶᠢᠨ ᠪᠠᠶᠢᠭᠤᠯᠣᠯᠲᠠ ᠶᠢ ᠠᠬᠢᠭᠤᠯᠵᠦ᠂ | ︽ᠭᠤᠷᠪᠠᠨ ᠭᠤᠯᠲᠣ ᠭᠤᠷᠪᠠᠨ ᠬᠦᠨᠲᠡᠯᠡᠨ︾ ︵ ᠲᠠᠢ ᠬᠠᠩ ᠱᠠᠨ ᠠᠭᠤᠯᠠ ᠵᠢᠴᠢ ᠪᠡᠭᠡᠵᠢᠩ ᠬᠠᠩᠵᠧᠦ ᠶᠢᠨ ᠶᠡᠭᠡ | ᠲᠠᠲᠠᠮᠠᠯ ᠭᠤᠣᠯ᠂ ᠰᠢ ᠠᠨ ᠠᠴᠠ ᠴᠧᠩᠳᠦ᠋᠂ ᠬᠦᠬᠡᠨᠠᠭᠤᠷ ᠲᠦᠪᠡᠳ ᠬᠦᠷᠬᠦ ᠵᠠᠰᠠᠮᠠᠯ ᠵᠠᠮ᠂ ᠲᠣᠷᠭᠠᠨ ᠤ ᠵᠠᠮ᠂ | 318 ᠣᠯᠣᠰ ᠤᠨ ᠵᠠᠰᠠᠮᠠᠯ ᠵᠠᠮ᠂ ᠬᠦᠬᠡᠮᠦ᠋ᠷᠡᠨ ᠤ ᠣᠷᠣᠰᠬᠠᠯ ᠲᠠᠭᠠᠣ ᠱᠣᠭᠤᠮ︶ ᠠᠭᠤᠯᠠᠷᠬᠠᠬ ᠭᠠᠵᠠᠷ ᠤᠨ | ᠬᠡᠭᠡᠷ᠎ᠡ ᠭᠠᠲᠠᠨᠠᠬᠢ ᠬᠦᠲᠡᠯᠭᠡᠭᠡᠨ ᠤ ᠪᠠᠶᠢᠷᠢᠰᠢᠯ ᠢ ᠪᠦᠷᠢᠯᠲᠦᠬᠦᠯᠵᠦ᠂ ᠠᠭᠤᠯᠠᠷᠬᠠᠬ ᠭᠠᠵᠠᠷ ᠤᠨ ᠬᠡᠭᠡᠷ᠎ᠡ ᠭᠠᠲᠠᠨᠠᠬᠢ | ᠬᠦᠲᠡᠯᠭᠡᠭᠡᠨ ᠣᠷᠣᠯᠲᠣᠭᠠᠨ ᠢ ᠵᠣᠬᠢᠶᠠᠨ ᠪᠠᠶᠢᠭᠤᠯᠬᠤ ᠰᠢᠰᠲ᠋ᠧᠮ ᠢ ᠲᠡᠬᠦᠯᠲᠡᠷᠵᠢᠬᠦᠯᠵᠦ᠂ ᠬᠡᠭᠡᠷ᠎ᠡ ᠭᠠᠲᠠᠨᠠᠬᠢ | ᠬᠦᠲᠡᠯᠭᠡᠭᠡᠨ ᠤ ᠵᠢᠯᠣᠭᠤᠲᠣᠬᠴᠢ ᠶᠢᠨ ᠡᠩᠨᠡᠭᠡ ᠶᠢᠨ ᠪᠠᠶᠢᠭᠤᠯᠣᠯᠲᠠ ᠶᠢ ᠴᠢᠩᠭᠠᠳᠬᠠᠵᠦ᠂ ᠬᠡᠭᠡᠷ᠎ᠡ ᠭᠠᠲᠠᠨᠠᠬᠢ | ᠬᠦᠲᠡᠯᠭᠡᠭᠡᠨ ᠤ ᠠᠮᠣᠷ ᠲᠦᠪᠰᠢᠨ ᠪᠠ ᠪᠠᠴᠢᠮ ᠠᠪᠣᠷᠠᠬᠤ ᠲᠣᠬᠲᠠᠯᠴᠠᠭ᠎ᠠ ᠶᠢ ᠲᠡᠬᠦᠯᠲᠡᠷᠵᠢᠬᠦᠯᠦᠨ᠎ᠠ᠃ | — ᠣᠰᠣᠨ ᠲᠡᠭᠡᠷᠡᠬᠢ ᠬᠦᠲᠡᠯᠭᠡᠭᠡᠨ︔ ᠨᠡᠶᠢᠲᠡ ᠶᠢᠨ ᠣᠩᠭᠤᠴᠠ ᠶᠢᠨ ᠭᠠᠷᠠᠮ ᠤᠨ ᠪᠠᠶᠢᠭᠤᠯᠣᠯᠲᠠ | ᠪᠣᠯᠣᠨ ᠺᠯᠦ᠋ᠪ ᠤᠨ ᠬᠦᠭᠵᠢᠯᠲᠡ ᠶᠢ ᠠᠬᠢᠭᠤᠯᠵᠦ᠂ ᠲᠠᠷᠪᠠᠭᠤᠯᠲᠣ ᠣᠩᠭᠤᠴᠠ᠂ ᠣᠷᠣᠯᠲᠣᠭᠠᠨ ᠤ ᠵᠠᠪᠢ᠂ ᠰᠡᠯᠢᠬᠦᠷ | ᠲᠣᠯᠣᠮ ᠣᠩᠭᠤᠴᠠ᠂ ᠮᠣᠲ᠋ᠣᠷᠲᠣ ᠵᠠᠪᠢ᠂ ᠣᠰᠣᠨ ᠳᠤ ᠱᠣᠮᠪᠠᠭ᠋ᠣ᠂ ᠰᠡᠯᠢᠬᠦ᠂ ᠬᠦᠪᠦᠬᠦ ᠵᠡᠷᠭᠡ ᠣᠰᠣᠨ ᠲᠡᠭᠡᠷᠡᠬᠢ | ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠲᠦᠷᠦᠯ ᠵᠦᠢᠯ ᠢ ᠢᠲᠡᠪᠬᠢᠲᠡᠢ ᠬᠦᠭᠵᠢᠬᠦᠯᠵᠦ᠂ ᠣᠰᠣᠨ ᠲᠡᠭᠡᠷᠡᠬᠢ | ᠬᠦᠲᠡᠯᠭᠡᠭᠡᠨ ᠤ ᠰᠢᠯᠢᠲᠡᠭ ᠣᠷᠣᠯᠲᠣᠭᠠᠨ ᠢ ᠲᠡᠭᠡᠭᠰᠢᠯᠡᠬᠦᠯᠬᠦ ᠲᠦᠯᠦᠪᠯᠡᠭᠡ ᠬᠡᠷᠡᠭᠵᠢᠬᠦᠯᠦᠨ᠂ ᠣᠰᠣᠨ ᠤ ᠪᠦᠰᠡ ᠶᠢᠨ | ᠡᠬᠢ ᠪᠠᠶᠠᠯᠢᠬ ᠲᠠᠭᠠᠨ ᠲᠦᠰᠢᠭᠯᠡᠨ ︽ᠬᠤᠶᠠᠷ ᠮᠦᠷᠡᠨ ᠬᠤᠶᠠᠷ ᠲᠠᠩᠬᠢᠰ︾ ︵ᠬᠦᠬᠡᠮᠦ᠋ᠷᠡᠨ᠂ ᠵᠦᠵᠢᠶᠠᠩ ᠮᠦᠷᠡᠨ᠂ | ᠪᠦᠧᠧᠬᠠᠢ ᠲᠠᠩᠬᠢᠰ᠂ ᠲᠣᠷᠣᠨᠠᠲᠣ ᠲᠠᠩᠬᠢᠰ︶ ᠤᠨ ᠣᠰᠣᠨ ᠲᠡᠭᠡᠷᠡᠬᠢ ᠬᠦᠲᠡᠯᠭᠡᠭᠡᠨ ᠤ ᠠᠵᠦ ᠦᠢᠯᠡᠰ | ᠲᠦᠪᠯᠡᠷᠡᠭᠰᠡᠨ ᠪᠦᠰᠡ ᠶᠢ ᠠᠬᠢᠭᠤᠯᠣᠨ ᠪᠠᠶᠢᠭᠤᠯᠣᠨ᠎ᠠ᠃ | — ᠮᠣᠲ᠋ᠣᠷ ᠮᠠᠰᠢᠨ ᠲᠡᠷᠭᠡ ᠶᠢᠨ ᠬᠦᠲᠡᠯᠭᠡᠭᠡᠨ︔ ᠮᠠᠰᠢᠨ ᠲᠡᠷᠭᠡ ᠪᠠᠷ ᠬᠡᠭᠡᠷ᠎ᠡ ᠬᠤᠨᠣᠬᠤ ᠬᠤᠸᠠᠷᠠᠨ | ᠪᠣᠯᠣᠨ ᠲᠣᠮᠲᠠ ᠪᠠᠭ᠎ᠠ ᠬᠡᠯᠪᠡᠷᠢ ᠶᠢᠨ ᠮᠠᠰᠢᠨ ᠲᠡᠷᠭᠡ ᠣᠷᠣᠯᠲᠣᠬᠤ ᠲᠠᠯᠠᠪᠣᠷ ᠤᠨ ᠪᠠᠶᠢᠭᠤᠯᠣᠯᠲᠠ ᠶᠢ ᠠᠬᠢᠭᠤᠯᠵᠦ᠂ | ᠪᠠᠶᠢᠭᠠᠯᠢ ᠬᠦᠮᠦᠨ ᠨᠡᠶᠢᠢᠭᠡᠮ ᠤᠨ ᠣᠨᠴᠠᠯᠢᠬᠲᠣ ᠡᠬᠢ ᠪᠠᠶᠠᠯᠢᠬ ᠢᠶᠠᠨ ᠠᠰᠢᠬᠯᠠᠨ᠂ ᠲᠡᠰᠭᠡᠯ ᠣᠷᠣᠯᠲᠣᠭᠠᠨ᠂ | ᠬᠡᠭᠡᠷᠡᠯᠡᠬᠦ ᠣᠷᠣᠯᠲᠣᠭᠠᠨ᠂ ᠲᠦᠪᠯᠡᠷᠡᠭᠰᠡᠨ ᠣᠷᠣᠯᠲᠣᠭᠠᠨ ᠵᠡᠷᠭᠡ ᠣᠷᠣᠯᠲᠣᠭᠠᠨ ᠤ ᠲᠦᠷᠦᠯ ᠵᠦᠢᠯ ᠢ ᠡᠷᠬᠢᠯᠡᠵᠦ᠂ | ᠭᠡᠷ ᠪᠦᠯᠢ ᠪᠠᠷ ᠢᠶᠠᠨ ᠬᠡᠭᠡᠷ᠎ᠡ ᠬᠤᠨᠣᠬᠤ᠂ ᠵᠠᠯᠠᠭᠤᠴᠣᠳ ᠪᠠᠭᠠᠴᠣᠳ ᠤᠨ ᠬᠤᠸᠠᠷᠠᠨ᠂ ᠭᠤᠣᠯ ᠰᠡᠲᠦᠪᠲᠦ ᠠᠶᠠᠯᠠᠯ | ᠵᠡᠷᠭᠡ ᠠᠵᠢᠯᠯᠠᠭ᠎ᠠ ᠶᠢ ᠵᠣᠬᠢᠶᠠᠨ ᠪᠠᠶᠢᠭᠤᠯᠵᠦ᠂ ᠣᠷᠣᠯᠲᠣᠭᠠᠨ ᠬᠦᠲᠡᠯᠭᠡᠭᠡᠨ ᠵᠣᠬᠢᠶᠠᠨ ᠪᠠᠶᠢᠭᠤᠯᠬᠤ | ᠲᠣᠬᠲᠠᠯᠴᠠᠭ᠎ᠠ ᠶᠢ ᠲᠠᠰᠣᠷᠠᠯᠲᠠ ᠦᠭᠡᠢ ᠲᠡᠬᠦᠯᠲᠡᠷᠵᠢᠬᠦᠯᠵᠦ᠂ ︽ᠭᠤᠷᠪᠠᠨ ᠲᠣᠭᠤᠷᠢᠬ ᠭᠤᠷᠪᠠᠨ ᠱᠣᠭᠤᠮ︾ | ︵ᠪᠡᠭᠡᠵᠢᠩ ᠲᠢᠶᠠᠨᠵᠢᠨ ᠾᠧᠪᠧᠢ᠂ ᠬᠦᠬᠡᠮᠦ᠋ᠷᠡᠨ ᠤ ᠭᠤᠷᠪᠠᠯᠵᠢᠨ ᠬᠤᠶᠢᠬ᠂ ᠲᠡᠯᠭᠡᠷᠡᠩᠬᠦᠢ ᠣᠳᠬ᠎ᠠ ᠶᠢᠨ | ᠵᠦᠵᠢᠶᠠᠩ ᠮᠦᠷᠡᠨ ᠤ ᠭᠤᠷᠪᠠᠯᠵᠢᠨ ᠬᠤᠶᠢᠬ᠂ ᠪᠡᠭᠡᠵᠢᠩ ᠠᠴᠠ ᠱᠧᠨᠵᠧᠨ ᠬᠦᠷᠬᠦ᠂ ᠪᠡᠭᠡᠵᠢᠩ ᠠᠴᠠ ᠦᠷᠦᠮᠴᠢ | ᠬᠦᠷᠬᠦ᠂ ᠨᠠᠨᠨᠢᠩ ᠠᠴᠠ ᡀᠠᠰᠠ ᠬᠦᠷᠬᠦ︶ ᠤᠨᠮᠠᠰᠢᠨ ᠲᠡᠷᠭᠡ ᠪᠠᠷ ᠦᠪᠡᠰᠦᠪᠡᠨ ᠠᠶᠠᠯᠠᠬᠤ ᠵᠠᠮ ᠱᠣᠭᠤᠮ ᠪᠣᠯᠣᠨ | ᠬᠤᠸᠠᠷᠠᠨ ᠤ ᠲᠣᠣᠷ ᠰᠦᠯᠵᠢᠶ᠎ᠠ ᠶᠢ ᠡᠬᠦᠳᠦᠨ ᠪᠠᠶᠢᠭᠤᠯᠣᠨ᠎ᠠ᠃ | — ᠠᠭᠠᠷ ᠠᠶᠠᠯᠠᠯ ᠤᠨ ᠬᠦᠲᠡᠯᠭᠡᠭᠡᠨ︔ ᠠᠭᠠᠷ ᠠᠶᠠᠯᠠᠯ ᠤᠨ ᠡᠬᠢ ᠪᠠᠶᠠᠯᠢᠬ ᠢ ᠨᠠᠶᠢᠳᠭᠡᠵᠦ᠂ | ᠬᠠᠮᠢᠶᠠᠷᠣᠯᠲᠠ ᠶᠢᠨ ᠦᠭᠡᠷᠡᠴᠢᠯᠡᠯᠲᠡ ᠶᠢ ᠬᠦᠨᠵᠡᠭᠡᠶᠢᠷᠡᠬᠦᠯᠵᠦ ︽200 ᠺᠢᠯᠦᠮᠧᠲᠷ ᠤᠨ ᠠᠭᠠᠷ ᠠᠶᠠᠯᠠᠯ ᠤᠨ | ᠪᠡᠶ᠎ᠡ ᠶᠢᠨ ᠲᠠᠮᠢᠷ ᠤᠨ ᠨᠢᠰᠣᠯᠲᠠ ᠶᠢᠨ ᠲᠣᠭᠤᠷᠢᠬ︾ ᠢ ᠵᠣᠬᠢᠰᠲᠠᠢ ᠪᠠᠶᠢᠷᠢᠰᠢᠭᠤᠯᠵᠦ᠂ ᠠᠭᠠᠷ ᠠᠶᠠᠯᠠᠯ ᠤᠨ | ᠨᠢᠰᠣᠯᠲᠠ ᠶᠢᠨ ᠰᠠᠭᠤᠷᠢᠨ ᠪᠣᠯᠣᠨ ᠺᠯᠦ᠋ᠪ ᠤᠨ ᠬᠦᠭᠵᠢᠯᠲᠡ ᠶᠢ ᠠᠬᠢᠭᠤᠯᠵᠦ᠂ ᠬᠦᠲᠡᠯᠭᠡᠭᠡᠨ ᠤ ᠨᠢᠰᠭᠡᠯ᠂ ᠬᠡᠶᠢᠲᠦ | ᠪᠦᠮᠪᠦᠭᠡ᠂ ᠨᠢᠰᠭᠡᠯ ᠠᠴᠠ ᠰᠢᠬᠦᠷ ᠢᠶᠠᠷ ᠪᠠᠭᠤᠬᠤ᠂ ᠬᠦᠩᠭᠡᠨ ᠵᠢᠵᠢᠭ ᠬᠡᠯᠪᠡᠷᠢ ᠶᠢᠨ ᠬᠦᠮᠦᠨ ᠦᠭᠡᠢ ᠨᠢᠰᠦᠬᠦᠷ᠂ | ᠠᠭᠠᠷ ᠠᠶᠠᠯᠠᠯ ᠤᠨ ᠬᠡᠪ ᠵᠠᠬᠪᠣᠷ ᠵᠡᠷᠭᠡ ᠠᠭᠠᠷ ᠠᠶᠠᠯᠠᠯ ᠤᠨ ᠬᠦᠲᠡᠯᠭᠡᠭᠡᠨ ᠤ ᠲᠦᠷᠦᠯ ᠵᠦᠢᠯ ᠢ ᠲᠡᠯᠭᠡᠷᠡᠬᠦᠯᠵᠦ᠂ | ᠣᠯᠠᠨ ᠲᠦᠮᠡᠨ ᠤ ᠬᠡᠷᠡᠭᠯᠡᠭᠡ ᠪᠠᠷ ᠭᠤᠣᠯ ᠪᠣᠯᠭᠠᠬᠰᠠᠨ ᠠᠭᠠᠷ ᠠᠶᠠᠯᠠᠯ ᠤᠨ ᠪᠡᠶ᠎ᠡ ᠶᠢᠨ ᠲᠠᠮᠢᠷ ᠤᠨ ᠦᠢᠯᠡᠳᠬᠦᠨ ᠪᠠ | ᠦᠢᠯᠡᠴᠢᠯᠡᠭᠡ ᠶᠢᠨ ᠬᠠᠩᠭᠠᠯᠭ᠎ᠠ ᠬᠡᠷᠡᠭᠯᠡᠭᠡ ᠶᠢᠨ ᠲᠣᠬᠲᠠᠯᠴᠠᠭ᠎ᠠ ᠶᠢ ᠪᠠᠶᠢᠭᠤᠯᠣᠨ᠎ᠠ᠃ | ︵ᠵᠢᠷᠭᠤᠭ᠎ᠠ︶ ᠣᠨᠴᠠᠯᠢᠬᠲᠣ ᠲᠠᠮᠢᠷ ᠤᠨ ᠬᠦᠲᠡᠯᠭᠡᠭᠡᠨ ᠢ ᠬᠦᠭᠵᠢᠬᠦᠯᠦᠨ᠎ᠡ︔ ᠲᠣᠶᠢᠯᠰᠢᠷᠠᠯ ᠬᠦᠲᠡᠯᠭᠡᠭᠡᠨ᠂ | ᠡᠯᠧᠺᠲᠷᠣᠨ ᠮᠦᠷᠦᠶᠢᠴᠡᠭᠡᠨ᠂ ᠰᠡᠯᠡᠮ᠎ᠡ ᠶᠢᠨ ᠮᠦᠷᠦᠶᠢᠴᠡᠭᠡᠨ᠂ ᠮᠣᠷᠢᠨ ᠮᠡᠷᠭᠡᠵᠢᠯ᠂ ᠭᠤᠯᠹ ᠪᠦᠮᠪᠦᠭᠡ ᠵᠡᠷᠭᠡ ᠮᠣᠳ᠋ | ᠬᠦᠲᠡᠯᠭᠡᠭᠡᠨ ᠤ ᠲᠦᠷᠦᠯ ᠵᠦᠢᠯ ᠤᠨ ᠡᠷᠡᠬᠦᠯ ᠢᠶᠠᠷ ᠬᠦᠭᠵᠢᠬᠦ ᠶᠢ ᠠᠬᠢᠭᠤᠯᠵᠦ᠂ ᠬᠤᠯᠪᠣᠬᠲᠠᠯ ᠪᠦᠬᠦᠢ ᠲᠣᠰᠬᠠᠢ | ᠮᠡᠷᠭᠡᠵᠢᠯ ᠤᠨ ᠪᠣᠯᠪᠠᠰᠣᠷᠠᠯ ᠤᠨ ᠵᠠᠬ᠎ᠠ ᠲᠡᠯᠭᠡᠬᠦᠷ ᠢ ᠪᠣᠶᠢᠵᠢᠭᠤᠯᠣᠨ᠎ᠠ᠃ ᠦᠱᠦ᠂ ᠯᠣᠣᠲᠣ ᠣᠩᠭᠤᠴᠠ᠂ ᠯᠣᠣ | ᠲᠤᠬᠠᠯᠠᠨ ᠠᠷᠰᠯᠠᠨ ᠪᠦᠵᠢᠭᠯᠡᠬᠦ ᠵᠡᠷᠭᠡ ᠠᠷᠠᠳ ᠤᠨ ᠲᠣᠮᠲᠠᠬᠢ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠲᠦᠷᠦᠯ | ᠵᠦᠢᠯ ᠢ ᠬᠦᠭᠵᠢᠬᠦᠯᠵᠦ᠂ ᠦᠨᠳᠦᠰᠦᠲᠡᠨ ᠤ ᠣᠯᠠᠮᠵᠢᠯᠠᠯᠲᠣ ᠪᠡᠶ᠎ᠡ ᠶᠢᠨ ᠲᠠᠮᠢᠷ ᠤᠨ ᠲᠦᠷᠦᠯ ᠵᠦᠢᠯ ᠢ ᠣᠯᠠᠮᠵᠢᠯᠠᠨ | ᠬᠦᠭᠵᠢᠬᠦᠯᠵᠦ᠂ ᠪᠡᠶ᠎ᠡ ᠶᠢᠨ ᠲᠠᠮᠢᠷ ᠤᠨ ᠲᠦᠷᠦᠯ ᠤᠨ ᠪᠣᠲᠠᠰ ᠤᠨ ᠪᠣᠰᠣ ᠰᠣᠶᠣᠯ ᠤᠨ ᠦᠪ ᠤᠨ ᠬᠠᠮᠠᠭᠠᠯᠠᠯᠲᠠ ᠪᠠ | ᠬᠦᠭᠵᠢᠯᠲᠡ ᠶᠢ ᠴᠢᠩᠭᠠᠳᠬᠠᠨ᠎ᠠ᠃ ᠬᠤᠯᠪᠣᠬᠲᠠᠯ ᠪᠦᠬᠦᠢ ᠪᠡᠶ᠎ᠡ ᠶᠢᠨ ᠲᠠᠮᠢᠷ ᠤᠨ ᠪᠦᠲᠦᠭᠡᠯᠴᠢ ᠠᠵᠢᠯᠯᠠᠭ᠎ᠠ ᠶᠢ | ᠲᠡᠮᠵᠢᠵᠦ᠂ ᠮᠣᠳ᠋ ᠬᠦᠲᠡᠯᠭᠡᠭᠡᠨ ᠢᠶᠠᠷ ᠭᠤᠣᠯ ᠰᠡᠲᠦᠪ ᠪᠣᠯᠭᠠᠬᠰᠠᠨ ᠣᠯᠠᠨ ᠲᠦᠮᠡᠨᠴᠢ ᠴᠢᠨᠠᠷᠲᠠᠢ ᠠᠵᠢᠯᠯᠠᠭ᠎ᠠ | ᠡᠷᠬᠢᠯᠡᠬᠦ ᠶᠢ ᠵᠣᠷᠢᠬᠵᠢᠭᠤᠯᠣᠨ᠎ᠠ᠃ | ︵ᠲᠣᠯᠤᠭ᠎ᠠ︶ ᠠᠵᠦ ᠦᠢᠯᠡᠰ ᠤᠨ ᠬᠤᠷᠰᠢᠯ ᠠᠭᠤᠰᠣᠯᠴᠠᠯ ᠢ ᠠᠬᠢᠭᠤᠯᠣᠨ᠎ᠠ︔ ᠪᠡᠶ᠎ᠡ ᠶᠢᠨ ᠲᠠᠮᠢᠷ ᠤᠨ | ᠵᠣᠭᠠᠴᠠᠯ ᠢ ᠶᠡᠬᠡᠪᠡᠷ ᠬᠦᠭᠵᠢᠬᠦᠯᠵᠦ᠂ ᠪᠡᠶ᠎ᠡ ᠶᠢᠨ ᠲᠠᠮᠢᠷ ᠤᠨ ᠵᠣᠭᠠᠴᠠᠯ ᠤᠨ ᠬᠦᠭᠵᠢᠯᠲᠡ ᠶᠢᠨ ᠬᠦᠲᠦᠯᠪᠦᠷᠢ | ᠲᠣᠬᠲᠠᠭᠠᠵᠦ᠂ ᠪᠡᠶ᠎ᠡ ᠶᠢᠨ ᠲᠠᠮᠢᠷ ᠤᠨ ᠵᠣᠭᠠᠴᠠᠯ ᠤᠨ ᠰᠤᠲᠤᠨ ᠵᠢᠱᠢᠶ᠎ᠡ ᠦᠵᠡᠬᠦᠯᠬᠦ ᠢᠨᠵᠧᠨᠧᠷᠢᠩ ᠢ | ᠬᠡᠷᠡᠭᠵᠢᠬᠦᠯᠦᠨ᠂ ᠣᠯᠣᠰ ᠤᠨ ᠪᠡᠶ᠎ᠡ ᠶᠢᠨ ᠲᠠᠮᠢᠷ ᠤᠨ ᠵᠣᠭᠠᠴᠠᠯ ᠤᠨ ᠭᠤᠣᠯᠲᠠᠯᠭᠠᠲᠣ ᠲᠦᠷᠦᠯ ᠵᠦᠢᠯ ᠤᠨ | ᠴᠠᠲᠢᠭ ᠢ ᠨᠠᠶᠢᠷᠠᠭᠤᠯᠣᠨ ᠵᠣᠬᠢᠶᠠᠨ᠎ᠠ᠃ ᠨᠦᠬᠦᠴᠡᠯ ᠳᠤ ᠨᠡᠶᠢᠴᠡᠬᠦ ᠵᠣᠭᠠᠴᠠᠯ ᠤᠨ ᠦᠵᠡᠮᠵᠢ ᠶᠢᠨ ᠣᠷᠣᠨ ᠤ | ᠪᠡᠶ᠎ᠡ ᠶᠢᠨ ᠲᠠᠮᠢᠷ ᠤᠨ ᠵᠣᠭᠠᠴᠠᠯ ᠤᠨ ᠲᠦᠷᠦᠯ ᠵᠦᠢᠯ ᠢᠶᠠᠨ ᠦᠷᠭᠡᠳᠭᠡᠬᠦ ᠶᠢ ᠲᠡᠮᠵᠢᠨ ᠵᠢᠯᠣᠭᠤᠳᠴᠦ᠂ ᠣᠯᠣᠰ ᠤᠨ | ᠲᠣᠲᠣᠭᠠᠲᠣ ᠶᠢᠨ ᠵᠣᠭᠠᠴᠠᠯ ᠤᠨ ᠬᠤᠷᠢᠶ᠎ᠠ ᠶᠢᠨ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠲᠦᠷᠦᠯ ᠵᠦᠢᠯ ᠪᠣᠯᠣᠨ | ᠪᠡᠶ ᠡ ᠶᠢᠨ ᠲᠠᠮᠢᠷ ᠤᠨ ᠣᠷᠣᠯᠲᠣᠭᠠᠨ ᠤ ᠠᠵᠢᠯᠯᠠᠭ᠎ᠠ ᠲᠠᠢ ᠣᠶᠠᠯᠲᠣᠭᠤᠯᠣᠨ ᠵᠣᠭᠠᠴᠠᠯ ᠤᠨ ᠦᠢᠯᠡᠳᠬᠦᠨ ᠪᠠ ᠵᠠᠮ | ᠱᠣᠭᠤᠮ ᠵᠢᠷᠣᠵᠦ ᠲᠦᠯᠦᠪᠯᠡᠨ ᠨᠡᠭᠡᠭᠡᠬᠦ ᠶᠢ ᠵᠣᠷᠢᠬᠵᠢᠭᠤᠯᠣᠨ᠎ᠠ᠃ ︽ᠪᠡᠶ᠎ᠡ ᠶᠢᠨ ᠲᠠᠮᠢᠷ ᠪᠠ ᠡᠮᠨᠡᠯᠭᠡ ᠶᠢ | ᠣᠶᠠᠯᠲᠣᠭᠤᠯᠬᠤ︾ ᠶᠢ ᠠᠬᠢᠭᠤᠯᠵᠦ᠂ ᠰᠢᠨᠵᠢᠯᠡᠬᠦ ᠣᠬᠠᠭᠠᠨᠴᠢ ᠪᠠᠷ ᠪᠡᠶ᠎ᠡ ᠴᠢᠬᠢᠷᠠᠬᠵᠢᠭᠤᠯᠬᠤ ᠵᠢᠯᠣᠭᠤᠲᠣᠯᠭ᠎ᠠ ᠪᠠᠨ | ᠴᠢᠩᠭᠠᠳᠬᠠᠵᠦ᠂ ᠠᠮᠢ ᠨᠠᠰᠣᠨ ᠤ ᠪᠦᠬᠦ ᠦᠶᠡᠯᠡᠯ ᠤᠨ ᠬᠤᠭᠤᠴᠠᠭ᠎ᠠ ᠶᠢ ᠬᠠᠮᠣᠷᠣᠬᠰᠠᠨ ᠬᠦᠲᠡᠯᠭᠡᠭᠡᠨ ᠤ ᠡᠷᠡᠬᠦᠯ | ᠦᠢᠯᠡᠴᠢᠯᠡᠭᠡ ᠶᠢ ᠢᠲᠡᠪᠬᠢᠲᠡᠢ ᠲᠡᠯᠭᠡᠷᠡᠬᠦᠯᠦᠨ ᠲᠦᠭᠡᠮᠡᠯᠵᠢᠬᠦᠯᠵᠦ᠂ ᠬᠦᠲᠡᠯᠭᠡᠭᠡᠨ ᠤ ᠠᠨᠠᠭᠠᠬᠤ ᠣᠬᠠᠭᠠᠨ ᠪᠠ | ᠡᠷᠡᠬᠦᠯᠵᠢᠯ ᠤᠨ ᠠᠨᠠᠭᠠᠬᠤ ᠣᠬᠠᠭᠠᠨ ᠢ ᠬᠦᠭᠵᠢᠬᠦᠯᠦᠨ᠂ ᠬᠦᠲᠡᠯᠭᠡᠭᠡᠨ ᠡᠷᠡᠬᠦᠯᠵᠢᠯ ᠵᠡᠷᠭᠡ ᠳᠤ ᠦᠵᠡᠬᠦᠯᠬᠦ ᠬᠢᠲᠡᠳ | ᠡᠮ ᠡᠮᠨᠡᠯᠭᠡ ᠶᠢᠨ ᠣᠨᠴᠠᠯᠢᠬᠲᠣ ᠦᠢᠯᠡᠲᠦᠯ ᠢ ᠪᠠᠲᠠᠷᠠᠭᠤᠯᠣᠨ᠎ᠠ᠃ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠬᠢᠭᠡᠳ | ᠰᠣᠶᠣᠯ᠂ ᠨᠠᠰᠣᠵᠢᠯ᠂ ᠰᠣᠷᠭᠠᠨ ᠬᠦᠮᠦᠵᠢᠯ᠂ ᠡᠷᠡᠬᠦᠯ ᠮᠡᠨᠲᠦ᠂ ᠲᠠᠷᠢᠶᠠᠯᠠᠩ᠂ ᠣᠢ ᠰᠢᠭᠤᠢ᠂ ᠣᠰᠣᠨ | ᠠᠰᠢᠬᠯᠠᠯᠲᠠ᠂ ᠨᠡᠶᠢᠲᠡᠮ ᠬᠡᠷᠡᠭᠯᠡᠭᠡᠨ ᠤ ᠠᠭᠠᠷ ᠠᠶᠠᠯᠠᠯ᠂ ᠵᠠᠮ ᠲᠡᠭᠡᠭᠡᠪᠦᠷᠢ ᠵᠡᠷᠭᠡ ᠠᠵᠦ ᠦᠢᠯᠡᠰ ᠯᠦᠭᠡ ᠶᠢᠨ | ᠠᠭᠤᠰᠣᠯᠴᠠᠯ ᠬᠦᠭᠵᠢᠯᠲᠡ ᠶᠢ ᠠᠬᠢᠭᠤᠯᠣᠨ᠎ᠠ᠃ | ︵ ᠨᠠᠢᠮᠠ︶ ︽ᠢᠨᠲ᠋ᠧᠷ ᠰᠦᠯᠵᠢᠶ᠎ᠠ + ᠪᠡᠶ᠎ᠡ ᠴᠢᠬᠢᠷᠠᠬᠵᠢᠭᠤᠯᠬᠤ ᠰᠡᠯᠡᠬᠦᠴᠡᠯ︾ ᠢ ᠠᠬᠢᠭᠤᠯᠣᠨ᠎ᠠ︔ | ᠨᠡᠬᠦᠲᠡᠯ ᠰᠦᠯᠵᠢᠶ᠎ᠠ᠂ ᠳ᠋ᠠᠶᠢᠲ᠋ᠠ᠂ ᠡᠬᠦᠯᠡᠨ ᠪᠣᠲᠣᠯᠲᠠ ᠵᠡᠷᠭᠡ ᠮᠡᠷᠭᠡᠵᠢᠯ ᠳᠤ ᠲᠣᠯᠭᠠᠭᠤᠷᠢᠯᠠᠬᠰᠠᠨ ᠪᠡᠶ᠎ᠡ | ᠴᠢᠬᠢᠷᠠᠬᠵᠢᠭᠤᠯᠬᠤ ᠰᠡᠯᠡᠬᠦᠴᠡᠯ ᠤᠨ ᠦᠢᠯᠡᠴᠢᠯᠡᠭᠡ ᠨᠡᠭᠡᠭᠡᠬᠦ ᠶᠢ ᠵᠣᠷᠢᠬᠵᠢᠭᠤᠯᠵᠦ᠂ ᠣᠯᠠᠮᠵᠢᠯᠠᠯᠲᠣ ᠪᠡᠶ᠎ᠡ | ᠴᠢᠬᠢᠷᠠᠬᠵᠢᠭᠤᠯᠬᠤ ᠰᠡᠯᠡᠬᠦᠴᠡᠯ ᠤᠨ ᠠᠵᠦ ᠠᠬᠤᠶᠢᠯᠠᠯ ᠤᠨ ᠪᠣᠷᠣᠯᠠᠭᠤᠯᠭ᠎ᠠ ᠶᠢᠨ ᠬᠦᠲᠦᠴᠢ ᠠᠴᠠ ᠪᠠᠨ | ᠦᠢᠯᠡᠴᠢᠯᠡᠭᠡ ᠶᠢᠨ ᠬᠦᠲᠦᠴᠢ ᠲᠡᠰᠢ ᠰᠢᠯᠵᠢᠬᠦ ᠶᠢ ᠠᠬᠢᠭᠤᠯᠵᠦ᠂ ᠣᠷᠲᠣᠨ ᠲᠠᠯᠠᠪᠠᠢ ᠶᠢ ᠣᠷᠢᠳᠴᠢᠯᠠᠨ | ᠲᠣᠬᠲᠠᠬᠤ᠂ ᠪᠡᠶ᠎ᠡ ᠴᠢᠬᠢᠷᠠᠬᠵᠢᠭᠤᠯᠬᠤ ᠵᠢᠯᠣᠭᠤᠲᠣᠮᠵᠢ᠂ ᠬᠦᠲᠡᠯᠭᠡᠭᠡᠨ ᠤ ᠵᠠᠲᠠᠯᠣᠯᠲᠠ᠂ ᠪᠡᠶ᠎ᠡ ᠮᠠᠬᠠᠪᠣᠳ ᠤᠨ | ᠪᠠᠶᠢᠴᠠᠭᠠᠯᠲᠠ᠂ ᠬᠤᠷᠰᠢᠯ ᠰᠣᠯᠢᠯᠴᠠᠭ᠎ᠠ᠂ ᠣᠷᠣᠯᠲᠣᠭᠠᠨ ᠳᠤ ᠣᠷᠣᠯᠴᠠᠬᠤ ᠵᠡᠷᠭᠡ ᠶᠡᠷᠦᠩᠬᠡᠶᠢᠯᠡᠭᠰᠡᠨ | ᠦᠢᠯᠡᠴᠢᠯᠡᠭᠡᠨ ᠤ ᠲᠦᠪᠰᠢᠨ ᠢᠶᠠᠨ ᠲᠡᠭᠡᠭᠰᠢᠯᠡᠬᠦᠯᠦᠨ᠎ᠡ᠃ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠰᠦᠯᠵᠢᠶᠡᠨ | ᠲᠡᠭᠡᠷᠡᠬᠢ ᠲᠡᠪᠴᠠᠩᠲᠣ ᠠᠵᠦ ᠠᠬᠤᠶᠢᠢᠯᠠᠯ ᠤᠨ ᠬᠦᠭᠵᠢᠨ ᠪᠣᠵᠠᠭᠠᠶᠢᠷᠠᠬᠤ ᠶᠢ ᠢᠲᠡᠪᠬᠢᠲᠡᠢ ᠲᠦᠯᠬᠢᠨ ᠠᠬᠢᠭᠤᠯᠵᠦ᠂ | ᠲᠡᠭᠡᠷ᠎ᠡ ᠲᠣᠣᠷ᠎ᠠ ᠭᠤᠭᠴᠣᠭᠠᠨ ᠤ ᠠᠵᠦ ᠠᠬᠤᠶᠢᠢᠯᠠᠯ ᠤᠨ ᠡᠬᠢ ᠪᠠᠶᠠᠯᠢᠬ ᠢ ᠨᠡᠶᠢᠳᠭᠡᠵᠦ᠂ ᠪᠡᠶ᠎ᠡ ᠴᠢᠬᠢᠷᠠᠬᠵᠢᠭᠤᠯᠬᠤ | ᠰᠡᠯᠡᠬᠦᠴᠡᠯ ᠤᠨ ᠠᠵᠦ ᠦᠢᠯᠡᠰ ᠤᠨ ᠰᠢᠨ᠎ᠠ ᠠᠮᠢ ᠠᠬᠤᠢ ᠶᠢᠨ ᠲᠣᠭᠤᠷᠢᠬ ᠢ ᠪᠦᠷᠢᠯᠲᠦᠬᠦᠯᠦᠨ᠎ᠠ᠃ | ᠭᠤᠷᠪᠠ᠂ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠵᠠᠬ᠎ᠠ ᠲᠡᠯᠭᠡᠬᠦᠷ ᠤᠨ ᠭᠤᠣᠯ ᠴᠣᠬᠴᠠ ᠶᠢ | ᠬᠦᠮᠦᠵᠢᠬᠦᠯᠦᠨ᠎ᠠ | ︵ᠶᠢᠰᠦ︶ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠠᠵᠦ ᠠᠬᠤᠶᠢᠯᠠᠯ ᠤᠨ ᠬᠦᠭᠵᠢᠯᠲᠡ ᠶᠢ ᠲᠡᠮᠵᠢᠨ᠎ᠡ︔ | ᠪᠡᠶ᠎ᠡ ᠪᠠᠨ ᠲᠠᠭᠠᠭᠭᠠᠬᠰᠠᠨ ᠲᠦᠷᠦᠯ ᠲᠡᠮᠲᠡᠭ ᠲᠠᠢ᠂ ᠰᠢᠨ᠎ᠠ ᠶᠢ ᠡᠬᠦᠳᠬᠦ ᠴᠢᠲᠠᠪᠣᠷᠢ ᠪᠠ ᠦᠷᠢᠰᠦᠯᠲᠦᠭᠡᠨ ᠤ | ᠪᠣᠲᠠᠲᠣ ᠬᠦᠴᠦᠨ ᠪᠦᠬᠦᠢ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠲᠣᠯᠭᠠᠭᠤᠷᠢᠯᠠᠬᠤ ᠠᠵᠦ ᠠᠬᠤᠶᠢᠢᠯᠠᠯ ᠤᠨ | ᠬᠦᠭᠵᠢᠨ ᠪᠣᠵᠠᠭᠠᠶᠢᠷᠠᠬᠤ ᠶᠢ ᠵᠣᠷᠢᠬᠵᠢᠭᠤᠯᠵᠦ᠂ ᠬᠠᠮᠢᠶᠠᠷᠣᠯᠲᠠ ᠶᠢ ᠭᠠᠲᠠᠬᠰᠢ ᠭᠠᠷᠭᠠᠬᠤ᠂ ᠬᠡᠯᠬᠢᠶ᠎ᠡ ᠡᠵᠡᠩᠨᠡᠯᠲᠡ | ᠵᠡᠷᠭᠡ ᠬᠡᠯᠪᠡᠷᠢ ᠪᠠᠷ ᠲᠠᠮᠵᠢᠭᠤᠯᠣᠨ᠂ ᠭᠤᠣᠯᠯᠠᠬᠤ ᠦᠷᠢᠰᠦᠯᠬᠦ ᠬᠦᠴᠦᠨ ᠢᠶᠠᠨ ᠣᠯᠠᠮ ᠨᠢᠭᠡ ᠠᠯᠬᠤᠮ | ᠲᠡᠭᠡᠭᠰᠢᠯᠡᠬᠦᠯᠵᠦ᠂ ᠠᠵᠦ ᠦᠢᠯᠡᠰ ᠤᠨ ᠬᠡᠯᠬᠢᠶ᠎ᠡ ᠪᠣᠯᠣᠨ ᠠᠰᠢᠬ ᠬᠤᠨᠵᠢᠪᠣᠷᠢ ᠶᠢᠨ ᠬᠡᠯᠬᠢᠶ᠎ᠡ ᠶᠢ ᠣᠷᠲᠣᠳᠬᠠᠨ᠂ | ᠨᠦᠬᠦᠴᠡᠯ ᠪᠦᠷᠢᠲᠦᠭᠰᠡᠨ ᠠᠵᠦ ᠠᠬᠤᠶᠢᠯᠠᠯ ᠤᠨ ︽ᠭᠠᠲᠠᠬᠰᠢ ᠭᠠᠷᠴᠦ ᠶᠠᠪᠣᠬᠤ︾ ᠶᠢ ᠲᠡᠮᠵᠢᠵᠦ᠂ ᠣᠯᠠᠨ | ᠣᠯᠣᠰ ᠤᠨ ᠦᠷᠢᠰᠦᠯᠲᠦᠬᠦ ᠬᠦᠴᠦᠨ ᠪᠠ ᠨᠦᠯᠦᠭᠡᠯᠡᠬᠦ ᠬᠦᠴᠦᠨ ᠪᠦᠬᠦᠢ ᠲᠠᠭᠠᠭᠤᠯᠣᠬᠴᠢ ᠠᠵᠦ ᠠᠬᠤᠶᠢᠯᠠᠯ ᠤᠨ | ᠪᠦᠯᠦᠭᠯᠡᠯ ᠢ ᠬᠦᠮᠦᠵᠢᠬᠦᠯᠦᠨ᠎ᠡ᠃ ᠠᠵᠦ ᠠᠬᠤᠶᠢᠢᠯᠠᠯ ᠤᠨ ᠪᠤᠰᠤᠭ᠎ᠠ᠂ ᠨᠠᠷᠢᠯᠢᠬ᠂ ᠲᠣᠰᠬᠠᠶᠢᠵᠢᠬᠰᠠᠨ ᠬᠦᠭᠵᠢᠯᠲᠡ | ᠪᠠᠨ ᠪᠡᠶᠡᠯᠡᠬᠦᠯᠬᠦ ᠶᠢ ᠲᠡᠮᠵᠢᠵᠦ᠂ ᠡᠯ᠎ᠠ ᠲᠦᠷᠦᠯ ᠤᠨ ᠲᠣᠮᠲᠠ ᠵᠢᠵᠢᠭ ᠪᠢᠴᠢᠯ ᠪᠡᠶ᠎ᠡ ᠴᠢᠬᠢᠷᠠᠬᠵᠢᠭᠤᠯᠬᠤ | ᠰᠡᠯᠡᠬᠦᠴᠡᠯ ᠤᠨ ᠠᠵᠦ ᠠᠬᠤᠶᠢᠯᠠᠯ᠂ ᠬᠦᠲᠡᠯᠭᠡᠭᠡᠨ ᠤ ᠺᠯᠦ᠋ᠪ ᠤᠨ ︽ᠲᠣᠰᠬᠠᠢ ᠰᠢᠯᠢᠲᠡᠭ ᠣᠨᠴᠠᠯᠢᠬᠲᠣ ᠰᠢᠨ᠎ᠡ︾ | ᠴᠢᠭᠯᠡᠯ ᠢᠶᠠᠷ ᠬᠦᠭᠵᠢᠬᠦ ᠶᠢ ᠵᠣᠷᠢᠬᠵᠢᠭᠤᠯᠵᠦ᠂ ᠣᠨᠴᠠᠯᠢᠬᠲᠣ ᠡᠵᠡᠩᠨᠡᠯᠲᠡ᠂ ᠣᠨᠴᠠᠯᠢᠬᠲᠣ ᠦᠢᠯᠡᠳᠬᠦᠨ ᠪᠠ | ᠣᠨᠴᠠᠯᠢᠬᠲᠣ ᠦᠢᠯᠡᠴᠢᠯᠡᠭᠡ ᠶᠢ ᠴᠢᠩᠭᠠᠳᠬᠠᠨ᠎ᠠ᠃ ᠣᠯᠠᠨ ᠲᠡᠰ ᠲᠠᠪᠬᠤᠷᠭ᠎ᠠ ᠶᠢᠨ ᠬᠦᠷᠦᠩᠭᠡ ᠶᠢᠨ ᠵᠠᠬ᠎ᠠ | ᠲᠡᠯᠭᠡᠬᠦᠷ ᠤᠨ ᠦᠢᠯᠡᠲᠦᠯ ᠢ ᠪᠠᠲᠠᠷᠠᠭᠤᠯᠣᠨ᠂ ᠨᠦᠬᠦᠴᠡᠯ ᠳᠤ ᠨᠡᠶᠢᠴᠡᠬᠦ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ | ᠠᠵᠦ ᠠᠬᠤᠶᠢᠯᠠᠯ ᠤᠨ ᠰᠲ᠋ᠣᠺ ᠤᠨ ᠵᠠᠬ᠎ᠠ ᠳᠤ ᠭᠠᠷᠬᠤ ᠶᠢ ᠲᠡᠮᠵᠢᠵᠦ᠂ ᠦᠨᠡᠲᠦ ᠲᠡᠮᠲᠡᠭᠲᠦ ᠶᠢᠨ ᠵᠠᠬ ᠠ | ᠲᠡᠯᠭᠡᠬᠦᠷ ᠤᠨ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠠᠵᠦ ᠠᠬᠤᠶᠢᠯᠠᠯ ᠳᠤ ᠦᠵᠡᠬᠦᠯᠬᠦ ᠲᠡᠮᠵᠢᠯᠭᠡ ᠶᠢᠨ | ᠬᠦᠴᠦᠯᠡᠴᠡ ᠶᠢ ᠴᠢᠩᠭᠠᠷᠠᠭᠤᠯᠣᠨ᠎ᠠ᠃ ᠪᠠᠷᠢᠴᠠᠭᠠᠨ ᠤ ᠡᠳ᠋ ᠬᠤᠬᠰᠢᠯ ᠢ ᠲᠠᠩᠰᠠᠯᠠᠬᠤ ᠲᠦᠷᠢᠮ ᠢ ᠲᠡᠬᠦᠯᠲᠡᠷᠵᠢᠬᠦᠯᠵᠦ᠂ | ᠮᠦᠩᠬᠦᠨ ᠬᠦᠢᠯᠭᠡᠭᠡᠨ ᠤ ᠪᠠᠶᠢᠭᠤᠯᠣᠮᠵᠢ ᠶᠢᠨ ᠲᠦᠭᠰᠢᠬᠦᠷᠢ ᠶᠢ ᠡᠵᠡᠮᠲᠡᠵᠦ ᠪᠣᠯᠬᠤ ᠣᠷᠢᠲᠠᠯ ᠨᠦᠬᠦᠴᠡᠯ ᠲᠣᠣᠷ᠎ᠠ | ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠠᠵᠦ ᠠᠬᠤᠶᠢᠯᠠᠯ ᠤᠨ ᠵᠢᠭᠡᠯᠡᠯᠭᠡ ᠶᠢᠨ ᠪᠠᠷᠢᠴᠠᠭᠠᠨ ᠤ ᠡᠳ᠋ ᠤᠨ ᠲᠦᠷᠦᠯ | ᠵᠦᠢᠯ ᠪᠣᠯᠣᠨ ᠬᠦᠷᠢᠶ᠎ᠡ ᠬᠡᠪᠴᠢᠶ᠎ᠠ ᠶᠢ ᠦᠷᠭᠡᠳᠭᠡᠬᠦ ᠶᠢ ᠵᠣᠷᠢᠬᠵᠢᠭᠤᠯᠣᠨ᠎ᠠ᠃ | ︵ᠠᠷᠪᠠ︶ ᠦᠢᠯᠡᠰ ᠪᠣᠰᠬᠠᠵᠦ ᠰᠢᠨ᠎ᠠ ᠶᠢ ᠡᠬᠦᠳᠬᠦ ᠶᠢ ᠵᠣᠷᠢᠬᠵᠢᠭᠤᠯᠣᠨ᠎ᠠ︔ ᠲᠠᠮᠢᠷᠴᠢᠳ ᠤᠨ ᠦᠢᠯᠡᠰ | ᠪᠣᠰᠬᠠᠬᠤ ᠶᠢ ᠲᠡᠮᠵᠢᠬᠦ ᠰᠠᠭᠤᠷᠢ ᠮᠦᠩᠬᠦ ᠶᠢ ᠬᠦᠢᠴᠡᠳ ᠠᠰᠢᠬᠯᠠᠨ᠂ ᠠᠵᠢᠯ ᠠᠴᠠ ᠪᠠᠨ ᠰᠢᠯᠵᠢᠭᠰᠡᠨ | ᠲᠠᠮᠢᠷᠴᠢᠳ ᠤᠨ ᠦᠢᠯᠡᠰ ᠪᠣᠰᠬᠠᠵᠦ ᠰᠢᠨ᠎ᠠ ᠶᠢ ᠡᠬᠦᠳᠴᠦ᠂ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠠᠵᠦ | ᠦᠢᠯᠡᠰ ᠲᠤ ᠣᠷᠣᠯᠴᠠᠬᠤ ᠶᠢ ᠵᠣᠷᠢᠬᠵᠢᠭᠤᠯᠣᠨ᠎ᠠ᠃ ᠬᠤᠲᠠᠯᠲᠣᠭᠠᠨ ᠤ ᠦᠢᠯᠡᠰ ᠤᠨ ᠲᠦᠷᠢᠮ ᠤᠨ | ᠦᠭᠡᠷᠡᠴᠢᠯᠡᠯᠲᠡ ᠶᠢ ᠬᠦᠴᠦᠯᠡᠨ ᠠᠬᠢᠭᠤᠯᠵᠦ᠂ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠠᠵᠦ ᠦᠢᠯᠡᠰ ᠲᠤ | ᠰᠢᠯᠢᠲᠡᠭ ᠰᠠᠶᠢᠢᠨ ᠣᠷᠴᠢᠨ ᠢ ᠪᠣᠢ ᠪᠣᠯᠭᠠᠨ᠎ᠠ᠃ ᠪᠡᠶ᠎ᠡ ᠶᠢᠨ ᠲᠠᠮᠢᠷ ᠤᠨ ᠠᠵᠦ ᠦᠢᠯᠡᠰ ᠤᠨ ᠰᠢᠨ᠎ᠡ ᠶᠢ ᠡᠬᠦᠳᠴᠦ | ᠦᠢᠯᠡᠰ ᠪᠣᠰᠬᠠᠬᠤ ᠰᠣᠷᠭᠠᠨ ᠬᠦᠮᠦᠵᠢᠯ ᠤᠨ ᠦᠢᠯᠡᠴᠢᠯᠡᠭᠡᠨ ᠤ ᠲᠠᠪᠴᠠᠩ ᠤᠨ ᠪᠠᠶᠢᠭᠤᠯᠣᠯᠲᠠ ᠶᠢ ᠦᠷᠨᠢᠬᠦᠯᠵᠦ᠂ | ᠠᠵᠦ ᠠᠬᠤᠶᠢᠢᠯᠠᠯ᠂ ᠶᠡᠭᠡ ᠲᠡᠭᠡᠲᠦ ᠰᠣᠷᠭᠠᠭᠤᠯᠢ ᠪᠣᠯᠣᠨ ᠮᠦᠩᠬᠦᠨ ᠬᠦᠢᠯᠭᠡᠭᠡᠨ ᠤ ᠪᠠᠶᠢᠭᠤᠯᠣᠮᠵᠢ ᠶᠢ ᠬᠠᠪᠰᠣᠷᠣᠨ | ᠪᠦᠲᠦᠮᠵᠢᠲᠡᠢ ᠪᠦᠬᠦᠢ ᠬᠠᠮᠲᠣᠷᠠᠯᠴᠠᠭ᠎ᠠ ᠦᠷᠨᠢᠬᠦᠯᠦᠨ᠎ᠡ᠃ ᠡᠯ᠎ᠡ ᠭᠠᠵᠠᠷ ᠣᠷᠣᠨ ᠤ ᠬᠢᠨ ᠤ ᠪᠡᠶ᠎ᠡ | ᠴᠢᠬᠢᠷᠠᠬᠵᠢᠭᠤᠯᠬᠤ ᠰᠡᠯᠡᠬᠦᠴᠡᠯ ᠤᠨ ᠠᠵᠦ ᠦᠢᠯᠡᠰ ᠪᠣᠶᠢᠵᠢᠭᠤᠯᠬᠤ ᠲᠠᠪᠴᠠᠩ ᠪᠠᠶᠢᠭᠤᠯᠬᠤ ᠶᠢ ᠵᠣᠷᠢᠬᠵᠢᠭᠤᠯᠵᠦ᠂ | ᠪᠡᠶ᠎ᠡ ᠴᠢᠬᠢᠷᠠᠬᠵᠢᠭᠤᠯᠬᠤᠰᠡᠯᠡᠬᠦᠴᠡᠯ ᠤᠨ ᠬᠦᠷᠢᠶ᠎ᠡ ᠴᠠᠷᠠᠭ᠎ᠠ ᠶᠢᠨ ᠨᠡᠶᠢᠲᠡ ᠣᠯᠠᠨ ᠢᠶᠠᠷ ᠢᠶᠠᠨ ᠦᠢᠯᠡᠰ ᠪᠣᠰᠬᠠᠵᠦ | ᠰᠢᠨ᠎ᠡ ᠶᠢ ᠡᠬᠦᠳᠬᠦ ᠳᠤ ᠲᠡᠮᠵᠢᠯᠭᠡ ᠬᠠᠩᠭᠠᠨ᠎ᠠ᠃ | ︵ᠠᠷᠪᠠᠨ ᠨᠢᠭᠡ︶ ᠪᠡᠶ᠎ᠡ ᠶᠢᠨ ᠲᠠᠮᠢᠷ ᠤᠨ ᠨᠡᠶᠢᠭᠡᠮ ᠤᠨ ᠵᠣᠬᠢᠶᠠᠨ ᠪᠠᠶᠢᠭᠤᠯᠣᠯᠲᠠ ᠶᠢ ᠪᠣᠵᠠᠭᠠᠶᠢᠷᠠᠭᠤᠯᠣᠨ᠎ᠠ︔ | ᠪᠡᠶ᠎ᠡ ᠶᠢᠨ ᠲᠠᠮᠢᠷ ᠤᠨ ᠲᠦᠷᠦᠯ ᠤᠨ ᠨᠡᠶᠢᠭᠡᠮ ᠤᠨ ᠪᠦᠯᠬᠦᠮ᠂ ᠰᠠᠭᠤᠷᠢ ᠮᠦᠩᠬᠦ ᠶᠢᠨ ᠨᠡᠶᠢᠭᠡᠮᠯᠢᠭ᠂ ᠠᠷᠠᠳ ᠠᠴᠠ | ᠡᠷᠬᠢᠯᠡᠭᠰᠡᠨ ᠠᠵᠦ ᠠᠬᠤᠶᠢᠢᠯᠠᠯ ᠤᠨ ᠪᠣᠰᠣ ᠨᠢᠭᠡᠴᠡ ᠵᠡᠷᠭᠡ ᠨᠡᠶᠢᠭᠡᠮ ᠤᠨ ᠵᠣᠬᠢᠶᠠᠨ ᠪᠠᠶᠢᠭᠤᠯᠣᠯᠲᠠ ᠶᠢᠨ | ᠬᠦᠭᠵᠢᠯᠲᠡ ᠶᠢ ᠠᠬᠢᠭᠤᠯᠵᠦ᠂ ᠲᠡᠲᠡᠨᠡᠷ ᠤᠨ ᠲᠣᠰ ᠪᠡᠶ᠎ᠡ ᠶᠢᠨ ᠪᠠᠶᠢᠭᠤᠯᠣᠯᠲᠠ ᠶᠢ ᠲᠡᠮᠵᠢᠵᠦ᠂ ᠲᠣᠲᠣᠭᠠᠲᠣ | ᠵᠠᠰᠠᠯᠲᠠ ᠶᠢᠨ ᠪᠦᠲᠦᠴᠡ ᠪᠠᠨ ᠪᠦᠷᠢᠨᠰᠢᠬᠦᠯᠦᠨ᠂ ᠦᠢᠯᠡᠴᠢᠯᠡᠭᠡ ᠶᠢᠨ ᠴᠢᠲᠠᠪᠬᠢ ᠶᠢ ᠴᠢᠩᠭᠠᠷᠠᠭᠤᠯᠣᠨ᠎ᠠ᠃ ᠬᠤᠲᠠ | ᠪᠠᠯᠭᠠᠰᠣ ᠨᠡᠶᠢᠭᠡᠮ ᠲᠣᠭᠤᠷᠢᠬ ᠲᠤ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠠᠵᠢᠯᠯᠠᠭ᠎ᠠ ᠦᠷᠨᠢᠬᠦᠯᠵᠦ ᠪᠦᠬᠦᠢ | ᠨᠡᠶᠢᠭᠡᠮ ᠲᠣᠭᠤᠷᠢᠬ ᠤᠨ ᠨᠡᠶᠢᠭᠡᠮ ᠤᠨ ᠵᠣᠬᠢᠶᠠᠨ ᠪᠠᠶᠢᠭᠤᠯᠣᠯᠲᠠ ᠶᠢᠨ ᠪᠠᠷᠢᠮᠵᠢᠶ᠎ᠠ ᠴᠢᠬ ᠢ ᠲᠣᠣᠷ᠎ᠠ ᠲᠠᠯᠪᠢᠵᠦ᠂ | ᠲᠦᠷᠦᠯ ᠬᠤᠪᠢᠶᠠᠨ ᠵᠢᠯᠣᠭᠤᠳᠬᠤ ᠪᠠ ᠲᠣᠬᠠᠶᠢᠯᠠᠬᠰᠠᠨ ᠠᠵᠢᠯ ᠤᠨ ᠵᠢᠯᠣᠭᠤᠲᠣᠯᠭ᠎ᠠ ᠶᠢ ᠴᠢᠩᠭᠠᠳᠬᠠᠨ᠎ᠠ᠃ ᠡᠯ᠎ᠠ | ᠲᠦᠷᠦᠯ ᠤᠨ ᠨᠡᠶᠢᠭᠡᠮ ᠤᠨ ᠵᠣᠬᠢᠶᠠᠨ ᠪᠠᠶᠢᠭᠤᠯᠣᠯᠲᠠ ᠶᠢᠨ ᠵᠠᠰᠠᠬ ᠤᠨ ᠣᠷᠲᠣᠨ ᠤ ᠣᠯᠠᠨ ᠨᠡᠶᠢᠲᠡ ᠶᠢᠨ ᠪᠡᠶ᠎ᠡ ᠶᠢᠨ | ᠲᠠᠮᠢᠷ ᠤᠨ ᠦᠢᠯᠡᠴᠢᠯᠡᠭᠡ ᠶᠢᠨ ᠡᠬᠦᠷᠭᠡ ᠴᠢᠲᠠᠪᠬᠢ ᠶᠢ ᠲᠠᠭᠠᠭᠠᠨ ᠠᠪᠬᠤ ᠶᠢ ᠵᠣᠷᠢᠬᠵᠢᠭᠤᠯᠣᠨ᠎ᠠ᠃ ᠪᠡᠶ᠎ᠡ ᠶᠢᠨ | ᠲᠠᠮᠢᠷ ᠤᠨ ᠨᠡᠶᠢᠭᠡᠮ ᠤᠨ ᠵᠣᠬᠢᠶᠠᠨ ᠪᠠᠶᠢᠭᠤᠯᠣᠯᠲᠠ ᠶᠢᠨ ᠠᠵᠢᠯᠯᠠᠭ᠎ᠠ ᠵᠣᠬᠢᠶᠠᠨ ᠪᠠᠶᠢᠭᠤᠯᠬᠤ᠂ ᠠᠭᠤᠷ ᠠᠮᠢᠰᠬᠤᠯ ᠢ | ᠪᠣᠢ ᠪᠣᠯᠭᠠᠬᠤ᠂ ᠬᠡᠷᠡᠭᠯᠡᠭᠴᠢᠳ ᠲᠤ ᠦᠢᠯᠡᠴᠢᠯᠡᠬᠦ ᠵᠡᠷᠭᠡ ᠲᠠᠯ᠎ᠠ ᠶᠢᠨ ᠢᠲᠡᠪᠬᠢᠲᠡᠢ ᠦᠢᠯᠡᠲᠦᠯ ᠢ ᠪᠠᠲᠠᠷᠠᠭᠤᠯᠣᠨ᠎ᠠ᠃ | ᠲᠦᠷᠪᠡ᠂ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠠᠵᠦ ᠦᠢᠯᠡᠰ ᠤᠨ ᠪᠦᠲᠦᠴᠡ ᠪᠣᠯᠣᠨ ᠪᠠᠶᠢᠷᠢᠰᠢᠯ ᠢ | ᠰᠢᠯᠢᠲᠡᠭᠵᠢᠬᠦᠯᠦᠨ᠎ᠡ | ︵ᠠᠷᠪᠠᠨ ᠬᠤᠶᠠᠷ︶ ᠠᠵᠦ ᠦᠢᠯᠡᠰ ᠤᠨ ᠪᠦᠲᠦᠴᠡ ᠶᠢ ᠰᠠᠶᠢᠵᠢᠷᠠᠭᠤᠯᠣᠨ᠎ᠠ︔ ᠪᠡᠶ᠎ᠡ ᠴᠢᠬᠢᠷᠠᠬᠵᠢᠭᠤᠯᠬᠤ | ᠰᠡᠯᠡᠬᠦᠴᠡᠯ ᠤᠨ ᠦᠢᠯᠡᠴᠢᠯᠡᠭᠡᠨ ᠤ ᠦᠢᠯᠡᠰ᠂ ᠪᠠᠭᠠᠵᠢ ᠲᠣᠨᠣᠬᠯᠠᠯ ᠦᠢᠯᠡᠳᠬᠦ ᠵᠢᠴᠢ ᠬᠠᠮᠢᠶ᠎ᠠ ᠪᠦᠬᠦᠢ ᠠᠵᠦ | ᠦᠢᠯᠡᠰ ᠤᠨ ᠪᠦᠲᠦᠴᠡ ᠶᠢ ᠰᠢᠯᠢᠲᠡᠭᠵᠢᠬᠦᠯᠦᠨ᠂ ᠦᠢᠯᠡᠴᠢᠯᠡᠭᠡᠨ ᠤ ᠦᠢᠯᠡᠰ ᠤᠨ ᠬᠤᠪᠢ ᠶᠢᠨ ᠵᠢᠩ ᠢ ᠴᠢᠷᠮᠠᠶᠢᠨ | ᠲᠡᠭᠡᠭᠰᠢᠯᠡᠬᠦᠯᠦᠨ᠎ᠡ᠃ ᠪᠡᠶ᠎ᠡ ᠴᠢᠬᠢᠷᠠᠬᠵᠢᠭᠤᠯᠬᠤ ᠦᠢᠯᠡᠴᠢᠯᠡᠭᠡᠨ ᠤ ᠰᠣᠲᠣᠨ ᠢᠨᠵᠧᠨᠧᠷᠢᠩ ᠢ ᠬᠡᠷᠡᠭᠵᠢᠬᠦᠯᠵᠦ᠂ ᠨᠢᠭᠡ | ᠪᠦᠯᠦᠭ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠰᠢᠯᠢᠲᠡᠭ ᠺᠯᠦ᠋ᠪ᠂ ᠣᠷᠲᠣᠨ ᠲᠠᠯᠠᠪᠠᠢ ᠪᠠ ᠲᠠᠶᠠᠭᠠᠷ ᠲᠤ | ᠲᠠᠭᠤᠷᠢᠰᠣᠬᠰᠠᠨ ᠠᠵᠢᠯᠯᠠᠭ᠎ᠠ ᠶᠢ ᠪᠣᠢ ᠪᠣᠯᠭᠠᠨ᠎ᠠ᠃ ᠡᠯ᠎ᠠ ᠱᠠᠲᠣᠨ ᠤ ᠪᠡᠶ᠎ᠡ ᠶᠢᠨ ᠲᠠᠮᠢᠷ ᠤᠨ ᠠᠵᠦ ᠦᠢᠯᠡᠰ ᠤᠨ | ᠰᠠᠭᠤᠷᠢᠨ ᠤ ᠪᠠᠶᠢᠭᠤᠯᠣᠯᠲᠠ ᠲᠠᠢ ᠣᠶᠠᠯᠲᠣᠭᠤᠯᠵᠦ᠂ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠢᠶᠠᠷ ᠭᠤᠣᠯ | ᠪᠣᠯᠭᠠᠬᠰᠠᠨ ᠨᠢᠭᠡ ᠪᠦᠯᠦᠭ ᠪᠡᠶ᠎ᠡ ᠶᠢᠨ ᠲᠠᠮᠢᠷ ᠤᠨ ᠠᠵᠦ ᠦᠢᠯᠡᠰ ᠤᠨ ᠵᠢᠱᠢᠶ᠎ᠠ ᠦᠵᠡᠬᠦᠯᠬᠦ ᠰᠠᠭᠤᠷᠢᠨ᠂ ᠨᠢᠭᠡᠴᠡ | ᠪᠠ ᠲᠦᠷᠦᠯ ᠵᠦᠢᠯ ᠢ ᠬᠦᠮᠦᠵᠢᠬᠦᠯᠦᠨ᠎ᠡ᠃ ᠬᠦᠨᠳᠦ ᠴᠢᠬᠤᠯᠠ ᠪᠡᠶ᠎ᠡ ᠶᠢᠨ ᠲᠠᠮᠢᠷ ᠵᠣᠭᠠᠴᠠᠯ ᠤᠨ ᠲᠦᠷᠦᠯ ᠵᠦᠢᠯ ᠤᠨ | ᠬᠦᠲᠦᠯᠦᠨ ᠲᠠᠭᠠᠭᠤᠯᠬᠤ ᠦᠢᠯᠡᠲᠦᠯ ᠢ ᠪᠠᠲᠠᠷᠠᠭᠤᠯᠵᠦ᠂ ᠨᠢᠭᠡ ᠪᠦᠯᠦᠭ ᠪᠡᠶ᠎ᠡ ᠶᠢᠨ ᠲᠠᠮᠢᠷ ᠵᠣᠭᠠᠴᠠᠯ ᠤᠨ ᠵᠢᠱᠢᠶ᠎ᠠ | ᠦᠵᠡᠬᠦᠯᠬᠦ ᠰᠠᠭᠤᠷᠢᠨ ᠢ ᠬᠦᠭᠵᠢᠬᠦᠯᠦᠨ᠎ᠡ᠃ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠦᠢᠯᠡᠴᠢᠯᠡᠭᠡ | ᠠᠷᠠᠯᠵᠢᠶ᠎ᠠ ᠶᠢᠨ ᠬᠦᠷᠢᠶ᠎ᠠ ᠴᠠᠷᠠᠭ᠎ᠠ ᠶᠢ ᠲᠡᠯᠡᠵᠦ᠂ ᠴᠢᠯᠦᠭᠡᠲᠦ ᠠᠷᠠᠯᠵᠢᠶᠠᠨ ᠤ ᠲᠣᠷᠰᠢᠯᠲᠠ ᠶᠢᠨ ᠣᠷᠣᠨ ᠳᠤ ᠪᠡᠶ᠎ᠡ | ᠴᠢᠬᠢᠷᠠᠬᠵᠢᠭᠤᠯᠬᠤ ᠰᠡᠯᠡᠬᠦᠴᠡᠯ ᠤᠨ ᠠᠵᠦ ᠦᠢᠯᠡᠰ ᠤᠨ ᠲᠦᠷᠦ ᠶᠢᠨ ᠪᠣᠲᠣᠯᠭ᠎ᠠ ᠶᠢᠨ ᠲᠣᠷᠰᠢᠯᠲᠠ ᠶᠢᠨ ᠴᠢᠬ | ᠭᠠᠷᠭᠠᠬᠤ ᠶᠢ ᠬᠠᠶᠢᠨ ᠰᠦᠪᠡᠭᠴᠢᠯᠡᠵᠦ᠂ ᠣᠷᠣᠨ ᠨᠣᠲᠤᠬ ᠤᠨ ᠬᠢᠨ ᠤ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠢᠶᠠᠷ | ᠣᠨᠴᠠᠯᠢᠬ ᠪᠣᠯᠭᠠᠬᠰᠠᠨ ᠨᠢᠭᠡ ᠪᠦᠯᠦᠭ ᠦᠢᠯᠡᠴᠢᠯᠡᠭᠡ ᠠᠷᠠᠯᠵᠢᠶ᠎ᠠ ᠶᠢᠨ ᠵᠢᠱᠢᠶ᠎ᠠ ᠦᠵᠡᠬᠦᠯᠬᠦ ᠲᠣᠭᠤᠷᠢᠬ ᠢ | ᠢᠲᠡᠪᠬᠢᠲᠡᠢ ᠪᠣᠶᠢᠵᠢᠭᠤᠯᠬᠤ ᠶᠢ ᠵᠣᠷᠢᠬᠵᠢᠭᠤᠯᠣᠨ᠎ᠠ᠃ | ︵ᠠᠷᠪᠠᠨ ᠭᠤᠷᠪᠠ︶ ᠣᠷᠣᠨ ᠨᠣᠲᠤᠬ ᠤᠨ ᠣᠨᠴᠠᠯᠢᠬ ᠢ ᠲᠣᠪᠣᠶᠢᠯᠭᠠᠨ᠎ᠠ᠃ ᠠᠭᠤᠯᠠ ᠣᠰᠣᠨ ᠤ | ᠬᠦᠲᠡᠯᠭᠡᠭᠡᠨ ᠤ ᠡᠬᠢ ᠪᠠᠶᠠᠯᠢᠬ ᠤᠨ ᠪᠠᠶᠢᠴᠠᠭᠠᠯᠲᠠ᠂ ᠦᠨᠳᠦᠰᠦᠲᠡᠨ ᠤ ᠣᠯᠠᠮᠵᠢᠯᠠᠯᠲᠣ ᠪᠡᠶ᠎ᠡ ᠶᠢᠨ ᠲᠠᠮᠢᠷ ᠤᠨ ᠡᠬᠢ | ᠪᠠᠶᠠᠯᠢᠬ ᠤᠨ ᠪᠠᠶᠢᠴᠠᠭᠠᠯᠲᠠ ᠶᠢ ᠵᠣᠬᠢᠶᠠᠨ ᠪᠠᠶᠢᠭᠤᠯᠣᠨ ᠦᠷᠨᠢᠬᠦᠯᠵᠦ᠂ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ | ᠠᠵᠦ ᠦᠢᠯᠡᠰ ᠤᠨ ᠪᠠᠶᠢᠭᠠᠯᠢ᠂ ᠬᠦᠮᠦᠨ ᠨᠡᠶᠢᠭᠡᠮ ᠤᠨ ᠰᠠᠭᠤᠷᠢ ᠨᠦᠬᠦᠴᠡᠯ ᠢ ᠲᠣᠲᠣᠯᠠᠨᠠ᠃ ᠡᠯ᠎ᠠ ᠭᠠᠵᠠᠷ | ᠣᠷᠣᠨ ᠤ ᠬᠢᠨ ᠲᠣᠬᠠᠢ ᠶᠢᠨ ᠭᠠᠵᠠᠷ ᠤᠨ ᠪᠠᠶᠢᠳᠠᠯ ᠳᠠᠭᠠᠨ ᠲᠣᠬᠢᠷᠠᠭᠤᠯᠣᠨ ᠵᠣᠬᠢᠰᠲᠠᠢ ᠪᠠᠶᠢᠷᠢᠯᠠᠭᠤᠯᠵᠦ᠂ | ᠰᠣᠯᠪᠢᠴᠠᠭᠤᠯᠣᠨ ᠬᠦᠭᠵᠢᠬᠦᠯᠵᠦ᠂ ᠪᠠᠶᠢᠭᠠᠯᠢ ᠶᠢᠨ ᠡᠬᠢ ᠪᠠᠶᠠᠯᠢᠬ ᠪᠣᠯᠣᠨ ᠠᠮᠢ ᠠᠬᠤᠢ ᠶᠢᠨ ᠡᠬᠢ ᠪᠠᠶᠠᠯᠢᠬ ᠢ | ᠬᠠᠮᠠᠭᠠᠯᠠᠬᠰᠠᠨ ᠰᠠᠭᠤᠷᠢᠨ ᠲᠡᠭᠡᠷ᠎ᠡ᠂ ᠮᠦᠰᠦ ᠴᠠᠰᠣ᠂ ᠣᠢ ᠰᠢᠭᠤᠢ᠂ ᠨᠠᠭᠤᠷ ᠪᠦᠷᠢᠲᠦ᠂ ᠭᠤᠣᠯ ᠮᠦᠷᠡᠨ᠂ ᠨᠣᠭᠤ | ᠭᠠᠵᠠᠷ᠂ ᠠᠭᠤᠯᠠᠷᠬᠠᠬ ᠭᠠᠵᠠᠷ᠂ ᠲᠠᠯ᠎ᠠ ᠨᠣᠲᠤᠬ᠂ ᠭᠤᠪᠢ᠂ ᠡᠯᠡᠰᠦᠷᠭᠡᠭ ᠭᠠᠵᠠᠷ ᠪᠠ ᠲᠠᠯᠠᠢ ᠲᠠᠭᠠᠣ ᠵᠡᠷᠭᠡ | ᠦᠪᠡᠷᠮᠢᠴᠡ ᠪᠠᠶᠢᠭᠠᠯᠢ ᠶᠢᠨ ᠡᠬᠢ ᠪᠠᠶᠠᠯᠢᠬ ᠪᠣᠯᠣᠨ ᠣᠯᠠᠮᠵᠢᠯᠠᠯᠲᠣ ᠪᠡᠶ᠎ᠡ ᠶᠢᠨ ᠲᠠᠮᠢᠷ ᠤᠨ ᠬᠦᠮᠦᠨ ᠨᠡᠶᠢᠭᠡᠮ ᠤᠨ | ᠡᠬᠢ ᠪᠠᠶᠠᠯᠢᠬ ᠢ ᠬᠦᠢᠴᠡᠳ ᠠᠰᠢᠬᠯᠠᠵᠦ᠂ ᠦᠪᠡᠷᠮᠢᠴᠡ ᠣᠨᠴᠠᠯᠢᠬ ᠪᠦᠬᠦᠢ ᠪᠡᠶ᠎ᠡ ᠴᠢᠬᠢᠷᠠᠬᠵᠢᠭᠤᠯᠬᠤ | ᠰᠡᠯᠡᠬᠦᠴᠡᠯ ᠤᠨ ᠲᠦᠪᠯᠡᠷᠡᠭᠰᠡᠨ ᠣᠷᠣᠨ ᠪᠠ ᠠᠵᠦ ᠦᠢᠯᠡᠰ ᠤᠨ ᠪᠦᠰᠡ ᠶᠢ ᠪᠠᠶᠢᠭᠤᠯᠣᠨ᠎ᠠ᠃ ᠡᠬᠢ ᠪᠠᠶᠠᠯᠢᠬ | ᠣᠶᠢᠷᠠᠯᠴᠠᠭ᠎ᠠ᠂ ᠠᠵᠦ ᠦᠢᠯᠡᠰ ᠬᠠᠷᠢᠯᠴᠠᠨ ᠨᠦᠬᠦᠪᠦᠷᠢᠯᠡᠭᠰᠡᠨ᠂ ᠬᠠᠩᠭᠠᠯᠭ᠎ᠠ ᠱᠠᠭᠠᠷᠲᠠᠯᠭ᠎ᠠ ᠵᠣᠯᠭᠠᠯᠴᠠᠬᠰᠠᠨ ᠪᠦᠰᠡ | ᠲᠣᠭᠤᠷᠢᠬ ᠤᠨ ᠬᠤᠯᠪᠣᠯᠴᠠᠨ ᠬᠦᠭᠵᠢᠬᠦ ᠶᠢ ᠢᠲᠡᠪᠬᠢᠲᠡᠢ ᠠᠬᠢᠭᠤᠯᠵᠦ᠂ ᠵᠡᠬᠦᠨ᠂ ᠲᠣᠮᠲᠠ᠂ ᠪᠠᠷᠠᠭᠤᠨ ᠬᠡᠰᠡᠭ ᠤᠨ | ᠡᠶᠡᠷᠬᠦ ᠬᠤᠷᠰᠢᠯ ᠤᠨ ᠬᠦᠭᠵᠢᠯᠲᠡ ᠶᠢᠨ ᠪᠠᠶᠢᠷᠢᠰᠢᠯ ᠢ ᠪᠦᠷᠢᠯᠲᠦᠬᠦᠯᠦᠨ᠎ᠡ᠃ | ᠲᠠᠪᠤ᠂ ᠪᠡᠶ᠎ᠡ ᠴᠢᠬᠢᠷᠠᠬᠵᠢᠭᠤᠯᠬᠤ ᠰᠡᠯᠡᠬᠦᠯ ᠤᠨ ᠲᠦᠬᠦᠭᠡᠷᠦᠮᠵᠢ ᠶᠢᠨ ᠪᠠᠶᠢᠭᠤᠯᠣᠯᠲᠠ ᠶᠢ ᠴᠢᠩᠭᠠᠳᠬᠠᠨ᠎ᠠ | ︵ᠠᠷᠪᠠᠨ ᠲᠦᠷᠪᠡ︶ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠰᠠᠭᠤᠷᠢ ᠲᠦᠬᠦᠭᠡᠷᠦᠮᠵᠢ ᠶᠢᠨ ᠲᠤᠤᠷ ᠢ | ᠲᠡᠬᠦᠯᠲᠡᠷᠵᠢᠬᠦᠯᠦᠨ᠎ᠡ᠃ ᠬᠤᠲᠠ ᠶᠢᠨ ᠣᠷᠣᠨ ᠰᠠᠭᠤᠴᠠ ᠶᠢᠨ ᠲᠣᠭᠤᠷᠢᠬ ᠤᠨ ᠲᠦᠯᠦᠪᠵᠢᠬᠦᠯᠭᠡ ᠵᠢᠷᠤᠬ | ᠲᠦᠯᠦᠪᠯᠡᠭᠡ ᠵᠡᠷᠭᠡ ᠪᠠᠷᠢᠮᠵᠢᠶ᠎ᠠ ᠲᠦᠷᠢᠮᠵᠢᠯ ᠤᠨ ᠬᠤᠯᠪᠣᠬᠲᠠᠯ ᠪᠦᠬᠦᠢ ᠢᠵᠢ ᠪᠦᠷᠢᠲᠦᠭᠰᠡᠨ ᠪᠡᠶ᠎ᠡ | ᠴᠢᠬᠢᠷᠠᠬᠵᠢᠭᠤᠯᠬᠤ ᠲᠦᠬᠦᠭᠡᠷᠦᠮᠵᠢ ᠶᠢᠨ ᠱᠠᠭᠠᠷᠲᠠᠯᠭ᠎ᠠ ᠶᠢ ᠴᠢᠩᠭ᠎ᠠ ᠬᠡᠷᠡᠭᠵᠢᠬᠦᠯᠦᠨ᠂ ᠢᠵᠢᠯ ᠠᠯᠬᠤᠮ ᠢᠶᠠᠷ ᠵᠢᠷᠣᠵᠦ | ᠲᠦᠯᠦᠪᠯᠡᠨ᠂ ᠪᠠᠷᠢᠯᠭ᠎ᠠ ᠡᠬᠢᠯᠡᠬᠦ ᠪᠠ ᠪᠡᠯᠡ ᠣᠷᠣᠭᠤᠯᠬᠤ ᠶᠢ ᠪᠡᠶᠡᠯᠡᠬᠦᠯᠦᠨ᠎ᠡ᠃ ᠪᠡᠶ᠎ᠡ ᠴᠢᠬᠢᠷᠠᠬᠵᠢᠭᠤᠯᠬᠤ | ᠰᠡᠯᠡᠬᠦᠴᠡᠯ ᠤᠨ ᠲᠦᠷᠦᠯ ᠵᠦᠢᠯ ᠤᠨ ᠣᠷᠣᠨ ᠵᠠᠢ ᠶᠢᠨ ᠪᠠᠶᠢᠷᠢᠰᠢᠯ ᠢ ᠰᠢᠨᠵᠢᠯᠡᠬᠦ ᠣᠬᠠᠭᠠᠨᠴᠢ ᠪᠠᠷ ᠲᠦᠯᠦᠪᠵᠢᠬᠦᠯᠵᠦ᠂ | ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠲᠦᠬᠦᠭᠡᠷᠦᠮᠵᠢ ᠳᠤ ᠬᠡᠷᠡᠭᠯᠡᠬᠦ ᠭᠠᠵᠠᠷ ᠪᠣᠯᠣᠨ ᠢᠵᠢ ᠪᠦᠷᠢᠲᠦᠭᠰᠡᠨ | ᠲᠦᠬᠦᠭᠡᠷᠦᠮᠵᠢ ᠪᠠᠶᠢᠭᠤᠯᠬᠤ ᠬᠠᠷᠢᠴᠠᠯ ᠢ ᠵᠣᠬᠢᠰᠲᠠᠢ ᠨᠡᠮᠡᠭᠲᠡᠬᠦᠯᠵᠦ᠂ ᠴᠡᠴᠡᠷᠯᠢᠭ ᠤᠨ ᠵᠦᠯᠭᠡ᠂ ᠬᠤᠲᠠ ᠶᠢᠨ | ᠠᠲᠠᠷ ᠭᠠᠵᠠᠷ᠂ ᠪᠠᠷᠢᠯᠭ᠎ᠠ ᠶᠢᠨ ᠲᠡᠭᠡᠪᠦᠷ᠂ ᠭᠠᠵᠠᠷ ᠲᠣᠣᠷᠠᠬᠢ ᠦᠷᠦᠭᠡ ᠵᠡᠷᠭᠡ ᠶᠢ ᠬᠦᠢᠴᠡᠳ ᠵᠣᠬᠢᠰᠲᠠᠢ ᠠᠰᠢᠬᠯᠠᠨ᠂ | ᠠᠷᠠᠳ ᠲᠤ ᠠᠰᠢᠬᠲᠠᠢ ᠠᠷᠠᠳ ᠲᠤ ᠲᠤᠰᠠᠲᠠᠢ ᠨᠢᠭᠡ ᠪᠦᠯᠦᠭ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ | ᠲᠦᠬᠦᠭᠡᠷᠦᠮᠵᠢ ᠶᠢ ᠭᠤᠣᠯᠲᠠᠯᠭ᠎ᠠ ᠲᠠᠢ ᠪᠠᠶᠢᠭᠤᠯᠵᠦ᠂ ᠬᠤᠲᠠ ᠶᠢᠨ 15 ᠮᠢᠨᠦ᠋ᠲ ᠤᠨ ᠪᠠᠶ᠎ᠠ ᠴᠢᠬᠢᠷᠠᠬᠵᠢᠭᠤᠯᠬᠤ | ᠴᠠᠭᠠᠷᠢᠭ ᠢ ᠪᠦᠷᠢᠯᠲᠦᠬᠦᠯᠦᠨ᠎ᠡ᠃ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠲᠦᠬᠦᠭᠡᠷᠦᠮᠵᠢ ᠬᠢᠭᠡᠳ ᠣᠷᠣᠨ | ᠰᠠᠭᠤᠴᠠ᠂ ᠰᠣᠶᠣᠯ᠂ ᠬᠤᠲᠠᠯᠲᠤᠭ᠎ᠠ᠂ ᠵᠤᠭ᠎ᠠ ᠴᠡᠩᠭᠡᠯ ᠵᠡᠷᠭᠡ ᠶᠢ ᠶᠡᠷᠦᠩᠭᠡᠶᠢᠯᠡᠨ ᠨᠡᠭᠡᠭᠡᠨ ᠬᠦᠭᠵᠢᠬᠦᠯᠬᠦ ᠶᠢ | ᠵᠣᠷᠢᠬᠵᠢᠭᠤᠯᠵᠦ᠂ ᠪᠡᠶ᠎ᠡ ᠴᠢᠬᠢᠷᠠᠬᠵᠢᠭᠤᠯᠬᠤᠰᠡᠯᠡᠬᠦᠴᠡᠯ ᠤᠨ ᠦᠢᠯᠡᠴᠢᠯᠡᠭᠡ ᠶᠢᠨ ᠶᠡᠷᠦᠩᠭᠡᠶᠢᠯᠡᠭᠰᠨᠨ ᠴᠣᠬᠴᠠ ᠶᠢ | ᠪᠠᠶᠢᠭᠤᠯᠣᠨ᠎ᠠ᠃ | ︵ᠠᠷᠪᠠᠨ ᠲᠠᠪᠤ︶ ᠪᠡᠯᠡᠨ ᠪᠠᠶᠢᠭ᠎ᠠ ᠪᠡᠶ᠎ᠡ ᠶᠢᠨ ᠲᠠᠮᠢᠷ ᠤᠨ ᠣᠷᠲᠣᠨ ᠲᠠᠯᠠᠪᠠᠢ ᠶᠢᠨ ᠡᠬᠢ ᠪᠠᠶᠠᠯᠢᠬ ᠢ | ᠠᠮᠢᠲᠣᠯᠢᠬ ᠠᠰᠢᠬᠯᠠᠨ᠎ᠠ︔ ᠠᠵᠦ ᠠᠬᠤᠶᠢᠯᠠᠯ ᠠᠵᠢᠯ ᠦᠢᠯᠡᠰ ᠤᠨ ᠨᠢᠭᠡᠴᠡ ᠵᠡᠷᠭᠡ ᠶᠢᠨ ᠪᠡᠶ᠎ᠡ ᠶᠢᠨ ᠲᠠᠮᠢᠷ ᠤᠨ | ᠲᠦᠬᠦᠭᠡᠷᠦᠮᠵᠢ ᠶᠢ ᠨᠡᠶᠢᠭᠡᠮ ᠳᠤ ᠨᠡᠭᠡᠭᠡᠨ ᠠᠰᠢᠬᠯᠠᠭᠤᠯᠬᠤ ᠶᠢ ᠲᠦᠷᠭᠡᠳᠭᠡᠨ ᠠᠬᠢᠭᠤᠯᠣᠨ᠎ᠠ᠃ ᠨᠦᠬᠦᠴᠡᠯ ᠪᠦᠬᠦᠢ | ᠰᠣᠷᠭᠠᠭᠤᠯᠢ ᠶᠢᠨ ᠪᠡᠶ᠎ᠡ ᠶᠢᠨ ᠲᠠᠮᠢᠷ ᠤᠨ ᠣᠷᠲᠣᠨ ᠲᠠᠯᠠᠪᠠᠢ ᠲᠦᠬᠦᠭᠡᠷᠦᠮᠵᠢ ᠶᠢ ᠬᠢᠴᠢᠶᠡᠯ ᠤᠨ ᠵᠠᠪᠰᠠᠷᠯᠠᠭ᠎ᠠ ᠪᠠ | ᠪᠠᠶᠠᠷ ᠲᠣᠷᠠᠰᠬᠠᠯ ᠤᠨ ᠡᠳᠦᠷ ᠲᠤ ᠲᠣᠰ ᠰᠣᠷᠭᠠᠭᠤᠯᠢ ᠶᠢᠨ ᠢᠶᠠᠨ ᠰᠣᠷᠣᠬᠴᠢ ᠪᠣᠯᠣᠨ ᠣᠯᠠᠨ ᠲᠦᠮᠡᠨ ᠳᠤ ᠡᠮᠬᠢ | ᠲᠠᠷᠠᠭ᠎ᠠ ᠲᠠᠢ ᠪᠠᠷ ᠨᠡᠭᠡᠭᠡᠨ ᠠᠰᠢᠬᠯᠠᠭᠤᠯᠬᠤ ᠶᠢ ᠠᠬᠢᠭᠤᠯᠣᠨ᠎ᠠ᠃ ᠣᠯᠠᠨ ᠨᠡᠶᠢᠲᠡ ᠶᠢᠨ ᠪᠡᠶ᠎ᠡ ᠶᠢᠨ ᠲᠠᠮᠢᠷ ᠤᠨ | ᠲᠦᠬᠦᠭᠡᠷᠦᠮᠵᠢ ᠶᠢ ᠰᠦᠢᠳᠭᠡᠯ ᠬᠤᠷᠢᠶᠠᠬᠤ ᠦᠭᠡᠢ ᠪᠣᠶᠣ ᠵᠣᠬᠢᠰᠲᠠᠢ ᠰᠦᠢᠳᠭᠡᠯ ᠬᠤᠷᠢᠶᠠᠵᠦ ᠭᠠᠲᠠᠬᠰᠢ ᠨᠡᠭᠡᠭᠡᠬᠦ | ᠵᠡᠷᠭᠡ ᠠᠷᠭ᠎ᠠ ᠬᠡᠮᠵᠢᠶ᠎ᠡ ᠪᠠᠷ ᠲᠠᠮᠵᠢᠭᠤᠯᠣᠨ ᠬᠠᠩᠭᠠᠯᠭ᠎ᠠ ᠬᠡᠷᠡᠭᠴᠡᠭᠡ ᠶᠢ ᠨᠡᠮᠡᠭᠲᠡᠬᠦᠯᠵᠦ᠂ ᠪᠡᠶ᠎ᠡ ᠴᠢᠬᠢᠷᠠᠬᠵᠢᠭᠤᠯᠬᠤ | ᠦᠨᠳᠦᠰᠦᠨ ᠱᠠᠭᠠᠷᠲᠠᠯᠭ᠎ᠠ ᠶᠢ ᠬᠠᠩᠭᠠᠨ᠎ᠠ᠃ ᠬᠠᠮᠢᠶᠠᠷᠣᠯᠲᠠ ᠡᠵᠡᠩᠨᠡᠯᠲᠡ ᠶᠢ ᠰᠠᠯᠭᠠᠬᠰᠠᠨ᠂ ᠨᠡᠶᠢᠲᠡ ᠠᠴᠠ | ᠪᠠᠶᠢᠭᠤᠯᠵᠦ ᠠᠷᠠᠳ ᠠᠴᠠ ᠡᠵᠡᠩᠨᠡᠬᠦ ᠵᠡᠷᠭᠡ ᠵᠠᠬᠪᠣᠷ ᠢᠶᠠᠷ᠂ ᠵᠠᠬ᠎ᠠ ᠲᠡᠯᠭᠡᠬᠦᠷᠴᠢᠯᠡᠭᠰᠡᠨ ᠬᠤᠲᠠᠯᠲᠣᠭᠠᠨ ᠤ | ᠠᠵᠢᠯᠯᠠᠭ᠎ᠠ ᠶᠢ ᠠᠬᠢᠭᠤᠯᠵᠦ᠂ ᠣᠯᠠᠨ ᠲᠡᠰ ᠲᠠᠪᠬᠤᠷᠭᠠᠲᠣ ᠪᠡᠶ᠎ᠡ ᠴᠢᠬᠢᠷᠠᠬᠵᠢᠭᠤᠯᠬᠤ ᠬᠡᠷᠡᠭᠯᠡᠭᠡ ᠶᠢᠨ | ᠱᠠᠭᠠᠷᠲᠠᠯᠭ᠎ᠠ ᠶᠢ ᠬᠠᠩᠭᠠᠨ᠎ᠠ᠃ ᠡᠯ᠎ᠠ ᠲᠦᠷᠦᠯ ᠤᠨᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠲᠠᠯᠠᠪᠠᠢ ᠳᠠᠬᠢ ᠣᠰᠣ᠂ | ᠴᠠᠬᠢᠯᠭᠠᠨ᠂ ᠪᠠᠶᠢᠭᠠᠯᠢ ᠶᠢᠨ ᠰᠢᠲᠠᠮᠠᠬᠠᠢ ᠬᠡᠢ᠂ ᠲᠣᠯᠠᠭᠠᠯᠠᠮᠵᠢ ᠶᠢᠨ ᠦᠨ᠎ᠡ ᠶᠢ ᠡᠩ ᠤᠨ ᠠᠵᠦ ᠦᠢᠯᠡᠳᠪᠦᠷᠢ ᠶᠢᠨ | ᠪᠠᠷᠢᠮᠵᠢᠶ᠎ᠠ ᠠᠴᠠ ᠦᠨᠳᠦᠷ ᠪᠠᠶᠢᠯᠭᠠᠬᠤ ᠦᠭᠡᠢ ᠲᠦᠷᠢᠮ ᠢ ᠬᠡᠷᠡᠭᠵᠢᠬᠦᠯᠦᠨ᠎ᠠ᠃ ᠪᠡᠶ᠎ᠡ ᠶᠢᠨ ᠲᠠᠮᠢᠷ ᠤᠨ ᠣᠷᠲᠣᠨ ᠤ | ᠭᠡᠷ ᠬᠦᠷᠦᠩᠭᠡ ᠶᠢᠨ ᠭᠠᠶᠢᠯᠢ ᠪᠣᠯᠣᠨ ᠬᠤᠲᠠ ᠪᠠᠯᠭᠠᠰᠣ ᠶᠢᠨ ᠭᠠᠵᠠᠷ ᠰᠢᠷᠣᠢ ᠬᠡᠷᠡᠭᠯᠡᠬᠦ ᠭᠠᠶᠢᠯᠢ ᠶᠢᠨ | ᠬᠠᠷᠠᠭᠠᠯᠵᠠᠯ ᠤᠨ ᠲᠦᠷᠦ ᠶᠢᠨ ᠪᠣᠲᠣᠯᠭ᠎ᠠ ᠶᠢ ᠨᠠᠶᠢᠲᠠᠪᠣᠷᠢᠵᠢᠭᠤᠯᠣᠨ᠎ᠠ᠃ | ︵ᠠᠷᠪᠠᠨ ᠵᠢᠷᠭᠤᠭ᠎ᠠ︶ ᠣᠨᠴᠠᠯᠢᠬᠲᠣ ᠪᠡᠶ᠎ᠡ ᠴᠢᠬᠢᠷᠠᠬᠵᠢᠭᠤᠯᠬᠤ ᠰᠡᠯᠡᠬᠦᠴᠡᠯ ᠤᠨ ᠲᠦᠬᠦᠭᠡᠷᠦᠮᠵᠢ ᠶᠢᠨ | ᠪᠠᠶᠢᠭᠤᠯᠣᠯᠲᠠ ᠶᠢ ᠴᠢᠩᠭᠠᠳᠬᠠᠨ᠎ᠠ᠃ ᠣᠶᠣᠨᠲᠣ ᠬᠤᠲᠠ᠂ ᠪᠤᠬᠢᠷᠲᠤᠯ ᠦᠭᠡᠢ ᠠᠶᠠᠯᠠᠯ ᠲᠠᠢ ᠣᠶᠠᠯᠲᠣᠭᠤᠯᠣᠨ᠂ | ᠬᠤᠲᠠ ᠶᠢᠨ ᠶᠠᠪᠠᠭᠠᠨ ᠵᠠᠮ ᠪᠣᠯᠣᠨ ᠲᠣᠭᠤᠢ ᠲᠡᠷᠭᠡ ᠶᠢᠨ ᠵᠠᠮ ᠬᠠᠷᠢᠯᠴᠠᠭᠠᠨ ᠤ ᠲᠣᠬᠲᠠᠯᠴᠠᠭ᠎ᠠ ᠶᠢ | ᠲᠦᠯᠦᠪᠵᠢᠬᠦᠯᠦᠨ ᠪᠦᠲᠦᠭᠡᠨ ᠪᠠᠶᠢᠭᠤᠯᠣᠨ᠎ᠠ᠃ ᠣᠰᠣ᠂ ᠬᠠᠭᠤᠷᠠᠢ᠂ ᠠᠭᠠᠷ ᠤᠨ ᠡᠬᠢ ᠪᠠᠶᠠᠯᠢᠭ ᠢ ᠬᠦᠢᠴᠡᠳ | ᠠᠭᠤᠲᠠᠯᠣᠨ᠂ ᠣᠯᠣᠰ ᠤᠨ ᠶᠠᠪᠭᠠᠨ ᠵᠠᠮ ᠤᠨ ᠰᠢᠰᠲ᠋ᠧᠮ ᠪᠣᠯᠣᠨ ᠲᠣᠭᠤᠢ ᠲᠡᠷᠭᠡ ᠶᠢᠨ ᠵᠠᠮ ᠰᠦᠯᠵᠢᠶ᠎ᠠ ᠶᠢ | ᠰᠣᠲᠣᠯᠣᠨ ᠪᠠᠶᠢᠭᠤᠯᠵᠦ ᠨᠢᠭᠡ ᠪᠦᠯᠦᠭ ᠠᠭᠤᠯᠠᠷᠬᠠᠬ ᠭᠠᠵᠠᠷ ᠤᠨ ᠭᠡᠭᠡᠷ᠎ᠡ ᠭᠠᠲᠠᠨᠠᠬᠢ ᠬᠤᠸᠠᠷᠠᠨ᠂ ᠶᠠᠪᠠᠭᠠᠯᠠᠬᠤ ᠪᠠ | ᠲᠣᠭᠤᠢ ᠪᠠᠷ ᠵᠠᠮᠨᠠᠬᠤ ᠦᠢᠯᠡᠴᠢᠯᠡᠭᠡᠨ ᠤ ᠦᠷᠲᠡᠭᠡ᠂ ᠦᠪᠡᠰᠦᠪᠡᠨ ᠵᠢᠯᠣᠭᠤᠳᠬᠤ ᠮᠠᠰᠢᠨ ᠤ ᠭᠡᠷ ᠲᠡᠷᠭᠡ᠂ | ᠬᠦᠲᠡᠯᠭᠡᠭᠡᠨ ᠤ ᠣᠩᠭᠤᠴᠠ ᠵᠠᠪᠢ ᠶᠢᠨ ᠭᠠᠷᠠᠮ᠂ ᠠᠭᠠᠷ ᠠᠶᠠᠯᠠᠯ ᠤᠨ ᠨᠢᠰᠣᠯᠲᠠ ᠶᠢᠨ ᠰᠠᠭᠤᠷᠢᠨ ᠵᠡᠷᠭᠡ ᠪᠡᠶ᠎ᠡ | ᠴᠢᠬᠢᠷᠠᠬᠵᠢᠭᠤᠯᠬᠤ ᠰᠡᠯᠡᠬᠦᠴᠡᠯ ᠤᠨ ᠲᠦᠬᠦᠭᠡᠷᠦᠮᠵᠢ ᠶᠢ ᠭᠤᠣᠯᠲᠠᠯᠭ᠎ᠠ ᠲᠠᠢ ᠪᠦᠲᠦᠭᠡᠨ ᠪᠠᠶᠢᠭᠤᠯᠣᠨ᠎ᠠ᠃ | ᠵᠣᠭᠠᠴᠠᠯ ᠤᠨ ᠦᠵᠡᠮᠵᠢ ᠶᠢᠨ ᠣᠷᠣᠨ᠂ ᠵᠣᠭᠠᠴᠠᠯ ᠰᠡᠯᠡᠬᠦᠴᠡᠯ ᠤᠨ
|