ᠤᠳᠠᠭᠠᠨ ᠰᠠᠭᠤᠬᠤ ᠨᠢ ᠪᠡᠶ᠎ᠡ ᠮᠠᠬᠠᠪᠣᠳ ᠲᠤ ᠤᠯᠠᠠ ᠬᠤᠬᠢᠷᠠᠯ ᠲᠠᠢ
ᠨᠡᠶᠢᠲᠡᠯᠡᠭᠰᠡᠨ ᠴᠠᠭ᠄
2025/4/6
   1. ᠪᠡᠶ᠎ᠡ ᠶᠢ ᠬᠡᠮᠳᠤᠭᠡᠨ᠎ᠠ᠃ ᠨᠢᠷᠤᠭᠤ ᠵᠦᠳᠡᠷᠡᠨ ᠭᠡᠮᠲᠦᠬᠦ ᠪᠠ ᠰᠢᠩᠭᠡᠭᠡᠯᠲᠡ ᠮᠠᠭᠤᠲᠠᠨ᠎ᠠ᠃ ᠤᠳᠠᠭᠠᠨ ᠰᠠᠭᠤᠬᠤ ᠦᠶ᠎ᠡ ᠳᠤ᠂ ᠬᠥᠮᠦᠨ ᠤ ᠪᠡᠶ᠎ᠡ ᠶᠢᠨ ᠬᠦᠨᠳᠦᠴᠡ ᠨᠡᠯᠢᠶᠡᠳ ᠲᠥᠪᠯᠡᠷᠡᠩᠭᠦᠶ ᠪᠠᠷ ᠪᠦᠰᠡᠯᠡᠭᠦᠷ ᠤᠭᠤᠴᠠᠨ ᠤ ᠬᠡᠰᠡᠭ ᠲᠤ ᠪᠠᠭᠤᠵᠤ᠂ ᠳᠠᠷᠤᠯᠲᠠ ᠶᠢᠨ ᠲᠠᠷᠬᠠᠯᠲᠠ ᠲᠡᠩᠴᠡᠭᠦᠷᠢ ᠦᠭᠡᠢ ᠠᠴᠠ ᠪᠣᠯᠵᠤ ᠪᠦᠰᠡᠯᠡᠭᠦᠷ ᠨᠢᠷᠤᠭᠤᠨ ᠤ ᠠᠷᠤ ᠪᠤᠯᠴᠢᠩ ᠤᠨ ᠵᠦᠳᠡᠷᠡᠯ ᠤᠨ ᠭᠡᠮᠲᠦᠯ ᠢ ᠠᠮᠠᠷᠬᠠᠨ ᠡᠭᠦᠰᠬᠡᠵᠦ ᠡᠪᠡᠳᠬᠦ ᠪᠣᠯᠤᠨ᠎ᠠ᠂ ᠤᠷᠳᠤ ᠬᠤᠭᠤᠴᠠᠭ᠎ᠠ ᠪᠠᠷ ᠡᠶᠢᠮᠦᠷᠬᠦᠦ ᠪᠠᠶᠢᠳᠠᠯ ᠲᠠᠢ ᠪᠣᠯ ᠨᠡᠩ ᠴᠢᠨᠠᠭᠰᠢᠳᠠ ᠰᠡᠭᠡᠷ ᠤᠨ ᠲᠠᠪᠠᠭ ᠤᠨ ᠨᠡᠬᠡᠳᠡᠰᠦ ᠶᠢᠨ ᠬᠠᠷᠢᠮᠠᠬᠠᠶ ᠴᠢᠨᠠᠷ ᠮᠠᠭᠤᠳᠠᠬᠤ ᠪᠠ ᠪᠠᠭᠠᠨ᠎ᠠ ᠨᠢᠷᠤᠭᠤᠨ ᠤ ᠶᠠᠰᠤᠯᠢᠭ ᠡᠳ᠋ ᠤᠨ ᠨᠡᠮᠡᠭᠳᠡᠯ ᠢ ᠡᠭᠦᠰᠭᠡᠵᠦ᠂ ᠪᠠᠰᠠ ᠬᠡᠪᠡᠯᠢ ᠬᠥᠭᠡᠭᠡᠬᠦ ᠪᠠ ᠬᠤᠷᠭᠤᠰᠣᠯᠠᠬᠤ ᠵᠡᠷᠭᠡ ᠰᠢᠩᠭᠡᠭᠡᠯᠲᠡ ᠶᠢᠨ ᠰᠢᠰᠲ᠋ᠧᠮ ᠤᠨ ᠡᠪᠡᠳᠴᠢᠨ ᠢ ᠡᠭᠦᠰᠭᠡᠳᠡᠭ᠃     2. ᠵᠢᠷᠦᠬᠡ ᠶᠢ ᠬᠡᠮᠳᠤᠭᠡᠨ᠎ᠠ᠃ ᠵᠢᠷᠦᠬᠡ ᠴᠢᠰᠤᠨ ᠰᠤᠳᠠᠯ ᠤᠨ ᠡᠪᠡᠳᠴᠢᠨ ᠡᠭᠦᠰᠬᠦ ᠨᠤᠷᠮ᠎ᠠ ᠳᠠᠬᠢᠨ ᠢᠶᠠᠷ ᠨᠡᠮᠡᠭᠳᠡᠨ᠎ᠡ᠃ ᠤᠳᠠᠭᠠᠨ ᠰᠠᠭᠤᠵᠤ ᠬᠦᠳᠡᠯᠬᠦ ᠦᠭᠡᠢ ᠪᠣᠯ ᠴᠢᠰᠤᠨ ᠤ ᠡᠷᠭᠢᠯᠲᠡ ᠰᠠᠭᠠᠷᠠᠵᠤ᠂ ᠡᠳᠦᠷ ᠤᠳᠠᠭᠠᠨ ᠳᠠᠭᠠᠨ ᠵᠢᠷᠦᠬᠡᠨ ᠤ ᠠᠵᠢᠯᠯᠠᠭ᠎ᠠ ᠶᠢ ᠮᠠᠭᠤᠳᠠᠭᠤᠯᠵᠤ᠂ ᠵᠢᠷᠦᠬᠡᠨ ᠪᠤᠯᠴᠢᠩ ᠰᠢᠮᠡᠯ ᠠᠪᠬᠤ ᠪᠣᠯᠤᠨ᠎ᠠ᠃     3. ᠲᠠᠷᠢᠬᠢ ᠶᠢ ᠬᠡᠮᠳᠤᠭᠡᠨ᠎ᠠ᠃ ᠴᠢᠰᠤᠨ ᠤ ᠬᠠᠩᠭᠠᠯᠲᠠ ᠭᠦᠢᠴᠡᠳ ᠦᠭᠡᠢ ᠠᠴᠠ ᠪᠣᠯᠵᠤ ᠲᠣᠯᠣᠭᠠᠶ ᠡᠷᠭᠢᠵᠦ ᠨᠢᠳᠦ ᠡᠷᠢᠶᠡᠯᠵᠡᠨ᠎ᠡ᠃ ᠤᠳᠠᠭᠠᠨ ᠰᠠᠭᠤᠭᠠᠳ ᠬᠥᠳᠡᠯᠬᠦ ᠦᠭᠡᠢ ᠪᠣᠯ ᠴᠢᠰᠤᠨ ᠤ ᠡᠷᠭᠢᠯᠲᠡ ᠰᠠᠭᠠᠷᠠᠵᠤ᠂ ᠶᠡᠭᠡ ᠲᠠᠷᠢᠬᠢᠨ ᠤ ᠴᠢᠰᠤᠨ ᠤ ᠬᠠᠩᠭᠠᠯᠲᠠ ᠬᠦᠷᠦᠯᠴᠡᠬᠦ ᠦᠭᠡᠢ ᠪᠤᠯᠵᠤ᠂ ᠣᠶᠣᠨ ᠲᠠᠷᠢᠬᠢ ᠶᠢ ᠭᠡᠮᠲᠦᠭᠡᠵᠦ᠂ ᠣᠶᠣᠨ ᠰᠠᠨᠠᠭᠠᠨ ᠤ ᠬᠠᠷᠰᠢᠯᠠᠯ ᠢ ᠡᠭᠦᠰᠭᠡᠨ᠎ᠡ᠃     4. ᠪᠥᠭᠡᠷ᠎ᠡ ᠶᠢ ᠭᠡᠮᠲᠦᠭᠡᠬᠦ᠄ ᠦᠷᠡᠵᠢᠯ ᠤᠨ ᠰᠢᠰᠲ᠋ᠧᠮ ᠢ ᠨᠦᠯᠤᠭᠡᠯᠡᠵᠤ᠂ ᠳᠠᠪᠤᠰᠠᠩ ᠤᠨ ᠰᠠᠯᠲᠠᠷ ᠤᠨ ᠴᠢᠰᠤᠨ ᠤ ᠡᠷᠭᠢᠯᠲᠡ ᠶᠢ ᠮᠠᠭᠤᠳᠠᠭᠤᠯᠵᠤ᠂ ᠳᠠᠪᠤᠰᠠᠩ ᠤᠨ ᠠᠵᠢᠯᠯᠠᠭ᠎ᠠ ᠶᠢᠨ ᠬᠡᠪ ᠤᠨ ᠪᠠᠶᠢᠳᠠᠯ ᠢ ᠠᠯᠳᠠᠭᠤᠯᠳᠠᠭ᠃ ᠤᠳᠠᠭᠠᠨ ᠰᠠᠭᠤᠬᠤ ᠶᠢᠨ ᠬᠤᠤᠷ ᠬᠥᠨᠥᠭᠡᠯ ᠦᠨᠡᠬᠡᠷ ᠮᠠᠰᠢ ᠶᠡᠭᠡ ᠭᠡᠳᠡᠭ ᠢ ᠡᠭᠦᠨ ᠠᠴᠠ ᠮᠡᠳᠡᠵᠦ ᠪᠣᠯᠤᠨ᠎ᠠ᠃ ᠡᠶᠢᠮᠦ ᠠᠴᠠ ᠤᠳᠠᠭᠠᠨ ᠰᠠᠭᠤᠳᠠᠭ ᠠᠮᠢᠳᠤᠷᠠᠯ ᠤᠨ ᠠᠷᠭ᠎ᠠ ᠮᠠᠶ᠋ᠢᠭ ᠢᠶᠠᠨ ᠴᠠᠭ ᠲᠤᠬᠠᠶ ᠳᠤᠨᠢ ᠲᠣᠬᠢᠷᠠᠭᠤᠯᠬᠤ ᠬᠡᠷᠡᠭᠲᠡᠶ᠃ ᠠᠵᠢᠯᠯᠠᠵᠤ ᠪᠠᠶᠢᠭ᠎ᠠ ᠦᠶ᠎ᠡ ᠳᠤ ᠪᠠᠨ᠂ ᠴᠠᠭ ᠪᠦᠷᠢ ᠳᠤ 5 ᠮᠢᠨᠦ᠋ᠲ ᠣᠷᠴᠢᠮ ᠪᠣᠰᠴᠤ ᠦᠶ᠎ᠡ ᠮᠦᠴᠢ ᠪᠠᠨ ᠬᠦᠲᠡᠯᠭᠡᠵᠦ᠂ ᠪᠣᠯᠤᠯᠴᠠᠭ᠎ᠠ ᠲᠠᠢ ᠪᠣᠯ ᠡᠳᠦᠷ ᠪᠦᠷᠢ 1 — 3 ᠴᠠᠭ ᠵᠤᠬᠰᠤᠭ᠎ᠠ ᠪᠠᠷ ᠠᠵᠢᠯᠯᠠᠵᠤ ᠪᠣᠯᠤᠨ᠎ᠠ᠃ ᠡᠭᠦᠨ ᠤ ᠬᠠᠮᠲᠤ ᠰᠠᠭᠤᠬᠤ ᠪᠠᠶᠢᠳᠠᠯ ᠢ ᠴᠤ ᠵᠥᠪ ᠪᠠᠶᠢᠯᠭᠠᠬᠤ ᠬᠡᠷᠡᠭᠲᠡᠶ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号
Baidu
map